Paper Information


Title ᠮᠣᠩᠭᠤᠯ ᠵᠠᠩ ᠦᠢᠯᠡ ᠰᠤᠳᠤᠯᠤᠯ ᠤᠨ ᠨᠢᠭᠡᠨ ᠭᠠᠯ ᠪᠠᠮᠪᠠᠢ — ᠯᠤᠪᠰᠠᠩᠴᠤᠢᠳᠠᠨ ᠤ 《ᠮᠣᠩᠭᠤᠯ ᠤᠨ ᠵᠠᠩ ᠠᠭᠠᠯᠢ ᠶᠢᠨ ᠣᠢᠯᠠᠪᠤᠷᠢ》 ᠪᠢᠴᠢᠭᠳᠡᠭᠰᠡᠨ 80 ᠵᠢᠯ ᠦᠨ ᠣᠢ ᠶᠢ ᠳᠤᠷᠠᠰᠬᠠᠬᠤ ᠨᠢ
Creator ᠰ‍ · ᠰᠠᠮᠫᠢᠯᠨ᠋ᠤᠷᠪᠤ
Keyword ᠯᠤᠪᠰᠠᠩᠴᠤᠢᠳᠠᠨ︔《ᠮᠣᠩᠭᠤᠯ ᠤᠨ ᠵᠠᠩ ᠠᠭᠠᠯᠢ ᠶᠢᠨ ᠣᠢᠯᠠᠪᠤᠷᠢ》
Abstract ᠮᠣᠩᠭᠤᠯ ᠬᠦᠮᠦᠨ ᠦ ᠮᠣᠩᠭᠤᠯ ᠰᠤᠶᠤᠯ ᠵᠠᠩᠰᠢᠯ ᠤᠨ ᠠᠩᠬᠠᠨ ᠤ ᠢᠷᠠᠭ᠋ᠤ ᠬᠠᠭ᠋ᠤᠳᠠᠰᠤ ᠶᠢ ᠰᠡᠭᠦᠭᠰᠡᠨ ᠠᠯᠳᠠᠷᠲᠤ ᠡᠷᠳᠡᠮᠲᠡᠨ ᠯᠤᠪᠰᠠᠩᠴᠤᠢᠳᠠᠨ ᠠᠪᠤᠭ᠋ᠠᠢ ᠶᠢᠨ 《ᠮᠣᠩᠭᠤᠯ ᠤᠨ ᠵᠠᠩ ᠠᠭ᠋ᠠᠯᠢ ᠶᠢᠨ ᠣᠢᠯᠠᠪᠤᠷᠢ》 ᠭᠡᠬᠦ ᠠᠪᠤᠷᠭ᠋ᠤ ᠪᠦᠲᠦᠭᠡᠯ ᠪᠢᠴᠢᠭᠳᠡᠭᠡᠳ ᠨᠢᠭᠡᠨᠲᠡ 80 ᠵᠢᠯ ᠦᠨ ᠣᠢ ᠪᠤᠯᠤᠯ᠎ᠠ᠃ ᠯᠤᠪᠰᠠᠩᠴᠤᠢᠳᠠᠨ ᠤ 《ᠮᠣᠩᠭᠤᠯ ᠤᠨ ᠵᠠᠩ ᠠᠭ᠋ᠠᠯᠢ ᠶᠢᠨ ᠣᠢᠯᠠᠪᠤᠷᠢ》 ᠨᠢ ᠮᠣᠩᠭᠤᠯ ᠵᠠᠩ ᠦᠢᠯᠡ ᠶᠢᠨ ᠰᠤᠤᠯᠭ᠋ᠠᠨ ᠳᠤ ᠲᠤᠯᠢ ᠪᠤᠯᠵᠤ᠂ ᠲᠡᠭᠦᠨ ᠳᠦ ᠰᠠᠭ᠋ᠤᠷᠢᠯᠠᠵᠤ᠂ ᠤᠷᠢᠳ ᠬᠤᠵᠢᠳ 43 ᠪᠤᠳᠢ ᠮᠣᠩᠭᠤᠯ ᠵᠠᠩ ᠦᠢᠯᠡ ᠰᠤᠳᠤᠯᠤᠯ ᠤᠨ ᠲᠤᠰᠬᠠᠢ ᠨᠤᠮ ᠪᠢᠴᠢᠭᠳᠡᠵᠦ ᠪᠤᠢ᠃ ᠲᠤᠰ ᠦᠭᠦᠯᠡᠯ ᠳᠦ 《ᠮᠣᠩᠭᠤᠯ ᠤᠨ ᠵᠠᠩ ᠠᠭ᠋ᠠᠯᠢ ᠶᠢᠨ ᠣᠢᠯᠠᠪᠤᠷᠢ》 ᠨᠢ ᠬᠡᠷᠬᠢᠨ ᠮᠣᠩᠭᠤᠯ ᠵᠠᠩ ᠦᠢᠯᠡ ᠰᠤᠳᠤᠯᠤᠯ ᠤᠨ ᠨᠢᠭᠡᠨ ᠭᠠᠯ ᠪᠠᠮᠪᠠᠢ ᠪᠤᠯᠤᠭᠰᠠᠨ ᠲᠤᠬᠠᠢ ᠨᠠᠷᠢᠨ ᠰᠦᠪᠡᠭᠴᠢᠯᠡᠯᠲᠡ ᠬᠢᠵᠦ᠂ ᠡᠨ᠋ᠡᠬᠦ ᠭᠠᠯ ᠪᠠᠮᠪᠠᠢ ᠨᠢ ᠮᠣᠩᠭᠤᠯ ᠵᠠᠩ ᠦᠢᠯᠡ ᠰᠤᠳᠤᠯᠤᠯ ᠢ ᠬᠦᠭᠵᠢᠭᠡᠵᠦ᠂ ᠲᠡᠭᠦᠨ ᠳᠦ ᠲᠤᠯᠭ᠋ᠠᠭ᠋ᠤᠷᠢᠯᠠᠵᠤ ᠣᠯᠠᠨ ᠰᠠᠢᠬᠠᠨ ᠣᠭᠢ ᠰᠢᠯᠢᠳᠡᠭ ᠪᠦᠲᠦᠭᠡᠯ ᠦᠳ ᠦᠨ ᠮᠡᠨᠳᠦᠯᠡᠭᠰᠡᠨ ᠪᠡ ᠲᠡᠳᠡᠭᠡᠷ ᠡᠷᠳᠡᠮᠲᠡᠳ ᠦᠨ ᠰᠢᠨᠵᠢᠯᠡᠭᠡᠨ ᠦ ᠦᠷ᠎ᠡ ᠪᠦᠲᠦᠮᠵᠢ ᠶᠢ ᠰᠢᠯᠢᠵᠦ ᠲᠠᠨ᠋ᠢᠯᠴᠠᠭ᠋ᠤᠯᠬᠤ ᠶᠢᠨ ᠬᠠᠮᠲᠤ᠂ ᠣᠳᠤᠬᠠᠨ ᠤ ᠮᠣᠩᠭᠤᠯ ᠵᠠᠩ ᠦᠢᠯᠡ ᠰᠤᠳᠤᠯᠤᠯ ᠤᠨ ᠲᠤᠢᠮᠤ ᠪᠠᠢᠳᠠᠯ ᠪᠤᠯᠤᠨ ᠢᠷᠡᠭᠡᠳᠦᠢ ᠳᠦ ᠮᠣᠩᠭᠤᠯ ᠤᠨ ᠵᠠᠩ ᠠᠭ᠋ᠠᠯᠢ ᠶᠢᠨ ᠰᠤᠳᠤᠯᠤᠯ ᠤᠯᠠᠮ ᠬᠦᠭᠵᠢᠬᠦ ᠲᠤᠬᠠᠢ ᠨᠠᠢᠮᠠᠨ ᠲᠠᠯ᠎ᠠ ᠪᠠᠷ ᠨᠠᠷᠢᠨ ᠰᠢᠨᠵᠢᠯᠡᠵᠡᠢ᠃
Original Literature No Original Paper
出自 内蒙古民族大学学报(社会科学) 1999年 第3期

联系我们


内蒙古大学图书馆
呼和浩特市大学西路235号
中国·内蒙古
P: (0471) 4992561
E: huangfeilong@imu.edu.cn