Paper Information


Title ᠬᠤᠷᠴᠢᠨ ᠠᠮᠠᠨ ᠠᠶᠯᠭᠤᠨ ᠤ ᠦᠭᠡ ᠶᠢᠨ ᠡᠬᠢᠨ ᠤ ᠦᠶ᠎ᠡ ᠶᠢᠨ ᠪᠤᠭᠤᠨᠢ ᠡᠭᠡᠰᠢᠭ᠌ ᠠᠪᠢᠶᠠᠨ ᠤ ᠲᠠᠭᠤᠨ ᠤ ᠤᠬᠠᠭᠠᠨ ᠤ ᠵᠠᠳᠠᠯᠤᠯᠳᠠ
Creator ᠦᠵᠡᠰᠭᠦᠯᠡᠩ
Keyword ᠬᠤᠷᠴᠢᠨ ᠠᠮᠠᠨ ᠠᠶᠠᠯᠭᠤ; ᠦᠭᠡ ᠶᠢᠨ ᠡᠬᠢᠨ ᠤ ᠦᠶ᠎ᠡ; ᠪᠤᠭᠤᠨᠢ ᠡᠭᠡᠰᠢᠭ᠌
Abstract ᠬᠤᠷᠴᠢᠨ ᠠᠮᠠᠨ ᠠᠶᠠᠯᠭᠤ ᠪᠤᠯ ᠬᠡᠷᠡᠭᠯᠡᠭᠳᠡᠵᠦ ᠪᠠᠢ᠌ᠭ᠎ᠠ ᠬᠦᠷᠢᠶ᠎ᠡ ᠬᠡᠪᠴᠢᠶ᠎ᠡ ᠪᠡᠷ ᠬᠠᠮᠤᠭ ᠡᠴᠡ ᠦᠷᠭᠡᠨ᠂ ᠬᠡᠷᠡᠭᠯᠡᠵᠦ ᠪᠠᠢ᠌ᠭ᠎ᠠ ᠬᠦᠮᠦᠨ ᠤ ᠲᠤᠭ᠎ᠠ ᠪᠡᠷ ᠬᠠᠮᠤᠭ ᠡᠴᠡ ᠤᠯᠠᠨ ᠮᠦᠷᠳᠡᠭᠡᠨ ᠪᠤᠰᠤᠳ ᠨᠤᠳᠤᠭ ᠤᠨ ᠠᠶᠠᠯᠭᠤ ᠪᠠ ᠠᠮᠠᠨ ᠠᠶᠠᠯᠭᠤᠨ ᠡᠴᠡ ᠬᠠᠷᠢᠴᠠᠩᠭ᠋ᠤᠢ ᠲᠦᠷᠭᠡᠨ ᠬᠤᠪᠢᠷᠠᠵᠤ ᠬᠦᠭ᠍ᠵᠢᠭ᠍ᠰᠡᠨ ᠠᠮᠠᠨ ᠠᠶᠠᠯᠭᠤ ᠮᠦᠨ᠃ ᠬᠤᠷᠴᠢᠨ ᠠᠮᠠᠨ ᠠᠶᠠᠯᠭᠤᠨ ᠤ ᠦᠭᠡ ᠶᠢᠨ ᠡᠬᠢᠨ ᠤ ᠦᠶ᠎ᠡ ᠶᠢᠨ ᠪᠤᠭᠤᠨᠢ ᠡᠭᠡᠰᠢᠭ᠌ ᠠᠪᠢᠶᠠᠨ ᠤ ᠨᠢᠭᠡᠳᠦᠭᠡᠷ᠂ ᠬᠤᠶᠠᠳᠤᠭᠠᠷ ᠴᠤᠤᠷᠢᠶᠠᠯ ᠤᠨ ᠤᠷᠭᠢᠯ ᠤᠨ ᠲᠠᠪᠳᠠᠮᠵᠢ ᠶᠢᠨ ᠬᠡᠮᠵᠢᠭ᠍ᠳᠡᠯ ᠢ ᠪᠦᠷᠢᠳᠭᠡᠵᠦ᠂ ᠮᠤᠩᠭ᠋ᠤᠯ ᠬᠡᠯᠡᠨ ᠤ ᠪᠠᠷᠢᠮᠵᠢᠶ᠎ᠠ ᠠᠪᠢᠶ᠎ᠠ ᠲᠠᠢ ᠬᠠᠷᠢᠴᠠᠭᠤᠯᠤᠨ ᠰᠢᠨᠵᠢᠯᠡᠭᠰᠡᠨ ᠳᠤ ᠵᠠᠳᠠᠯᠤᠯᠳᠠ ᠶᠢᠨ ᠦᠶ᠎ᠡ ᠳ᠋ᠦᠩ ᠬᠡᠷᠡᠴᠢᠯᠡᠭᠰᠡᠨ ᠨᠢ᠂ ᠬᠤᠷᠴᠢᠨ ᠠᠮᠠᠨ ᠠᠶᠠᠯᠭᠤᠨ ᠤ ᠦᠭᠡ ᠶᠢᠨ ᠡᠬᠢᠨ ᠤ ᠦᠶ᠎ᠡ ᠶᠢᠨ ᠪᠤᠭᠤᠨᠢ ᠡᠭᠡᠰᠢᠭ᠌ ᠠᠪᠢᠶ᠎ᠠ ᠪᠠ ᠪᠠᠷᠢᠮᠵᠢᠶ᠎ᠠ ᠠᠪᠢᠶᠠᠨ ᠤ ᠬᠠᠷᠠᠭᠠᠯᠵᠠᠭᠰᠠᠨ ᠪᠤᠭᠤᠨᠢ ᠡᠭᠡᠰᠢᠭ᠌ ᠨᠢ ᠠᠮᠠᠨ ᠤ ᠨᠡᠭᠡᠭᠡᠯᠳᠡ ᠶᠢᠨ ᠬᠡᠮᠵᠢᠶ᠎ᠡ ᠪᠠ ᠬᠡᠯᠡᠨ ᠤ ᠡᠷᠭᠦᠭ᠍ᠳᠡᠴᠡ ᠶᠢᠨ ᠲᠠᠯ᠎ᠠ  ᠪᠡᠷ ᠪᠦᠷ ᠵᠤᠬᠢᠬᠤ ᠬᠡᠮᠵᠢᠶᠡᠨ ᠤ ᠵᠦᠷᠢᠶ᠎ᠡ ᠲᠠᠢ᠃
Original Literature View Original Paper
出自 中国蒙古学 2015年 第6期

联系我们


内蒙古大学图书馆
呼和浩特市大学西路235号
中国·内蒙古
P: (0471) 4992561
E: huangfeilong@imu.edu.cn