Abstract |
《ᠳᠠᠷᠬᠠᠨ》 ᠪᠤᠯ ᠮᠣᠩᠭᠤᠯ ᠬᠠᠭ᠋ᠠᠨᠲᠤ ᠤᠯᠤᠰ ᠤᠨ ᠦᠶ᠎ᠡ ᠶᠢᠨ ᠮᠢᠩᠭ᠋ᠠᠨ ᠤ ᠳᠦᠷᠢᠮ᠂ ᠬᠡᠰᠢᠭᠲᠡᠨ ᠦ ᠳᠦᠷᠢᠮ ᠲᠡᠢ ᠠᠳᠠᠯᠢ ᠪᠠᠷ ᠦᠪᠡᠷ ᠦᠪᠡᠷ ᠦᠨ ᠣᠨᠴᠠᠯᠢᠭ ᠲᠠᠢ ᠶᠤᠮ᠃ ᠲᠤᠰ ᠦᠭᠦᠯᠡᠯ ᠳᠦ ᠳᠠᠷᠬᠠᠨ ᠭᠡᠵᠦ ᠨᠡᠷᠡᠮᠴᠢᠯᠡᠭᠳᠡᠭᠰᠡᠨ ᠨᠢ ᠡᠷᠬᠡᠪᠰᠢ ᠴᠢᠩᠭᠢᠰ ᠬᠠᠭ᠋ᠠᠨ ᠤ ᠬᠤᠪᠢ ᠪᠡᠶ᠎ᠡ ᠪᠡ ᠲᠡᠭᠦᠨ ᠦ 《ᠠᠯᠲᠠᠨ ᠤᠷᠤᠭ》 ᠲᠤ ᠭᠠᠪᠢᠶ᠎ᠠ ᠲᠠᠢ ᠬᠦᠮᠦᠨ ᠪᠠᠢᠬᠤ ᠶᠢ ᠲᠠᠢᠯᠪᠤᠷᠢᠯᠠᠨ ᠨᠤᠲᠠᠯᠠᠵᠤ᠂ 《ᠳᠠᠷᠬᠠᠨ》 ᠪᠤᠯ ᠵᠢᠰᠦ ᠤᠳᠠᠭ᠎ᠠ ᠣᠰᠤᠯᠳᠠᠭᠰᠠᠨ ᠴᠤ ᠶᠠᠯᠠᠳᠠᠭᠳᠠᠬᠤ ᠦᠭᠡᠢ᠂ ᠳᠤᠷ᠎ᠠ ᠪᠠᠷ ᠢᠶᠠᠨ ᠪᠡᠯᠴᠢᠭᠡᠷ ᠰᠤᠩᠭ᠋ᠤᠬᠤ᠂ ᠶᠠᠮᠠᠷ ᠴᠤ ᠭᠠᠢᠯᠢ ᠭᠠᠪᠴᠢᠭ᠋ᠤᠷ ᠲᠤᠰᠢᠶᠠᠬᠤ ᠦᠭᠡᠢ᠂ ᠡᠩ ᠪᠤᠶᠤ ᠳᠠᠢᠨ ᠤ ᠣᠯᠵᠠ ᠪᠠᠨ ᠭᠠᠭᠴᠠ ᠪᠠᠷ ᠢᠶᠠᠨ ᠢᠯᠡᠵᠦ ᠪᠤᠯᠬᠤ᠂ ᠨᠤᠮᠤ ᠰᠤᠮᠤ ᠵᠡᠭᠦᠵᠦ ᠪᠤᠯᠬᠤ᠂ ᠬᠤᠷᠢᠮ ᠨᠠᠢᠷ ᠬᠢᠬᠦ᠂ ᠶᠠᠮᠠᠷ ᠴᠠᠭ ᠲᠤ ᠴᠤ ᠶᠡᠬᠡ ᠬᠠᠭ᠋ᠠᠨ ᠲᠠᠢ ᠤᠴᠠᠷᠠᠵᠤ ᠪᠤᠯᠬᠤ ᠵᠡᠷᠭᠡ ᠣᠨᠴᠠ ᠡᠷᠬᠡ ᠲᠡᠢ ᠪᠠᠢᠭᠰᠠᠨ ᠢ ᠦᠭᠦᠯᠡᠭᠰᠡᠨ ᠪᠠᠢᠨ᠎ᠠ᠃ |