Paper Information


Title ᠰᠢᠨ᠎ᠡ ᠡᠷᠢᠨ ᠳ᠋ᠡᠬᠢ ᠮᠣᠩᠭᠤᠯ ᠢᠢᠡᠷ ᠰᠤᠷᠤᠭᠰᠠᠨ ᠤᠶᠤᠲᠠᠳ ᠤᠨ ᠠᠵᠢᠯ ᠤᠯᠬᠤ ᠳ᠋ᠤ ᠬᠦᠴᠢᠷ ᠪᠠᠢᠭ᠎ᠠ ᠠᠰᠠᠭᠤᠳᠠᠯ ᠤᠨ ᠲᠣᠬᠠᠢ
Creator ᠪᠣᠣ ᠰᠠᠩ
Keyword ᠲᠡᠭᠡᠳᠦ ᠰᠤᠷᠭᠠᠭᠤᠯᠢ; ᠮᠣᠩᠭᠤᠯ ᠢᠢᠡᠷ ᠰᠤᠷᠤᠯᠴᠠᠵᠤ ᠪᠠᠢᠭ᠎ᠠ ᠤᠶᠤᠳᠠᠳ; ᠠᠵᠢᠯ ᠤᠯᠬᠤ ᠠᠰᠠᠭᠤᠳᠠᠯ
Abstract ᠨᠡᠢᠭᠡᠮ ᠤᠨ ᠤᠯᠠᠨ ᠲᠠᠯᠠᠲᠤ ᠭᠦᠭᠵᠢᠯᠲᠡ ᠪᠠ ᠤᠯᠤᠰ ᠤᠨ ᠲᠡᠭᠡᠳᠦ ᠰᠤᠷᠭᠠᠭᠤᠯᠢ ᠶᠢᠨ ᠲᠡᠭᠦᠰᠭᠦ ᠤᠶᠤᠲᠠᠳ ᠤᠨ ᠠᠵᠢᠯ ᠬᠤᠪᠢᠶᠠᠷᠢᠯᠠᠯᠲᠠ ᠶᠢᠨ ᠲᠦᠷᠢᠮ ᠤᠨ ᠦᠭᠡᠷᠡᠴᠢᠯᠡᠯᠲᠡ ᠶᠢᠨ ᠪᠣᠳᠠᠳᠠᠢᠵᠢᠯᠠᠯᠲᠠ ᠪᠠ ᠤᠷᠤᠭᠰᠢᠯᠠᠬᠤ ᠵᠢ ᠲᠠᠭᠠᠯᠳᠤᠨ ᠶᠡᠬᠡ ᠰᠤᠷᠭᠠᠭᠤᠯᠢ ᠶᠢᠨ ᠤᠶᠤᠲᠠᠳ ᠤᠨ ᠪᠣᠳᠠᠳᠠᠢ ᠦᠪᠡᠷᠮᠢᠴᠡ ᠪᠠᠢᠳᠠᠯ ᠨᠢ ᠴᠦᠬᠡᠨ ᠲᠤᠭᠠᠲᠤ ᠦᠨᠳᠦᠰᠦᠲᠡᠨ ᠤ ᠲᠡᠭᠦᠰᠬᠦ ᠰᠤᠷᠤᠭᠴᠢ ᠶᠢᠨ ᠠᠵᠢᠯ ᠤᠯᠬᠤ ᠬᠦᠴᠢᠷᠳᠡᠯ ᠢ ᠨᠡᠮᠡᠭᠳᠡᠭᠦᠯᠦᠭᠰᠡᠨ ᠪᠠᠢᠨ᠎ᠠ᠃ ᠣᠨᠴᠠᠭᠠᠢᠯᠠᠨ ᠤᠢᠷ ᠡ ᠶᠢᠨ ᠬᠡᠳᠦᠨ ᠵᠢᠯ ᠳ᠋ᠤ ᠦᠪᠦᠷ ᠮᠣᠨᠭᠤᠯ ᠤᠨ ᠦᠨᠳᠦᠰᠦᠲᠡᠨ ᠤ ᠰᠤᠷᠭᠠᠭᠤᠯᠢ ᠡᠴᠡ ᠲᠡᠭᠦᠰᠦᠭᠰᠡᠨ ᠰᠤᠷᠤᠭᠴᠢ ᠶᠢᠨ ᠠᠵᠢᠯ ᠤᠯᠬᠤ᠂ ᠠᠵᠢᠯᠯᠠᠬᠤ ᠲᠠᠷᠤᠭᠠᠰᠤ ᠤᠯᠠᠮ ᠶᠡᠬᠡᠰᠴᠦ᠂ ᠲᠤᠯᠭᠠᠷᠠᠬᠤ ᠠᠰᠠᠭᠤᠳᠠᠯ ᠨᠢ ᠴᠦ ᠤᠯᠠᠮ ᠢᠯᠡᠭᠦᠦ ᠪᠣᠯᠤᠭᠰᠠᠨ ᠪᠠᠢᠨ᠎ᠠ᠃ ᠡᠨᠡ ᠨᠢ ᠮᠣᠩᠭᠤᠯ ᠰᠤᠷᠤᠭᠴᠢ ᠶᠢᠨ ᠠᠵᠢᠯ ᠤᠯᠬᠤ ᠳ᠋ᠤ ᠬᠦᠴᠢᠷᠲᠡᠢ ᠪᠠᠢᠭ᠎ᠠ ᠠᠰᠠᠭᠤᠳᠠᠯ ᠲᠡᠭᠡᠷ ᠡ ᠬᠠᠷᠢᠴᠠᠩᠭᠤᠢ ᠲᠣᠪᠤᠢᠮ ᠠ ᠢᠯᠡᠷᠡᠵᠦ ᠪᠠᠢᠳᠠᠭ᠃ ᠵᠣᠬᠢᠶᠠᠭᠴᠢ ᠡᠴᠡ ᠤᠯᠠᠨ ᠵᠢᠯ ᠤᠨ ᠲᠤᠷᠰᠢ ᠶᠡᠬᠡ ᠰᠤᠷᠭᠠᠭᠤᠯᠢ ᠶᠢᠨ ᠤᠶᠤᠲᠠᠳ ᠤᠨ ᠠᠵᠢᠯ ᠤᠯᠬᠤ ᠠᠵᠢᠯ ᠢ ᠵᠢᠯᠤᠭᠤᠳᠤᠭᠰᠠᠨ ᠲᠤᠷᠰᠢᠯᠭ᠎ᠠ ᠪᠠᠨ ᠦᠨᠳᠦᠰᠦᠯᠡᠵᠦ᠂ ᠮᠠᠨ ᠤ ᠣᠷᠤᠨ ᠤ ᠦᠨᠳᠦᠰᠦᠲᠡᠨ ᠤ ᠰᠤᠷᠭᠠᠭᠤᠯᠢ ᠶᠢᠨ ᠮᠣᠩᠭᠤᠯ ᠰᠤᠷᠤᠭᠴᠢᠳ ᠤᠨ ᠠᠵᠢᠯ ᠤᠯᠬᠤ ᠳ᠋ᠤ ᠬᠦᠴᠢᠷᠲᠡᠢ ᠪᠠᠢᠭ᠎ᠠ ᠰᠢᠯᠲᠠᠭᠠᠨ ᠳ᠋ᠤ ᠲᠦᠭᠦᠮ ᠵᠠᠳᠠᠯᠤᠯᠲᠠ ᠬᠢᠭᠰᠡᠨ ᠪᠠᠢᠨ᠎ᠠ᠃
Original Literature View Original Paper
出自 赤峰学院学报(蒙文哲学社会科学版) 2013年 第4期

联系我们


内蒙古大学图书馆
呼和浩特市大学西路235号
中国·内蒙古
P: (0471) 4992561
E: huangfeilong@imu.edu.cn