Paper Information


Title ᠡᠷᠲᠡᠨ ᠤ ᠮᠣᠩᠭᠤᠯᠴᠤᠳ ᠤᠨ ᠰᠠᠮᠢᠨᠢᠰᠮ- ᠢᠲᠤᠭᠠᠨ ᠪᠦᠭᠡ ᠶᠢᠨ ᠬᠣᠶᠠᠷ ᠠᠰᠢᠲᠦ ᠰᠡᠳᠭᠢᠬᠦᠢ ᠶᠢᠨ ᠲᠦᠭᠳᠡᠮ ᠪᠦᠲᠦᠴᠡ᠎—ᠮᠣᠩᠭᠤᠯ ᠪᠦᠬᠡ ᠮᠦᠷᠭᠦᠯ ᠤᠨ ᠰᠣᠶᠣᠯ ᠰᠡᠳᠬᠢᠭᠦᠢ᠂ ᠭᠦᠨ ᠤᠬᠠᠭᠠᠨ ᠤ ᠲᠠᠢᠯᠪᠤᠷᠢᠯᠠᠯ
Creator ᠲᠦ᠊•ᠦᠯᠵᠠᠢ
Keyword ᠢᠲᠤᠭᠠᠨ; ᠪᠦᠬᠡ; ᠡᠪᠦᠭᠡ;ᠪᠦᠬᠡ ᠮᠦᠷᠭᠦᠯ
Abstract ᠪᠦᠭᠡ ᠮᠦᠷᠭᠦᠯ ᠪᠣᠯ ᠲᠡᠯᠡᠭᠡᠢ ᠨᠡᠢᠲᠡ ᠶᠢᠨ ᠴᠢᠨᠠᠷ ᠲᠠᠢ ᠡᠷᠳᠡᠮ ᠰᠢᠨᠵᠢᠯᠡᠭᠡᠨ ᠤ ᠰᠣᠳᠦᠪ ᠪᠣᠯᠤᠨ᠎ᠠ᠃ ᠵᠣᠬᠢᠶᠠᠨᠴᠢ᠂ᠮᠣᠩᠭᠤᠯᠴᠤᠳ ᠤᠨ ᠪᠦᠭᠡ ᠮᠦᠷᠬᠦᠯ ᠤᠨ ᠨᠡᠷ ᠡ ᠲᠤᠮᠢᠶᠠᠨ ᠡᠴᠡ ᠭᠠᠷᠳᠠᠨ᠂ ᠲᠡᠦᠬᠡᠨ ᠬᠡᠯᠡ ᠵᠦᠢ᠂ ᠬᠦᠮᠦᠨ ᠪᠢᠲᠠᠷ ᠤᠨ ᠤᠬᠠᠭᠠᠨ᠂ ᠰᠡᠳᠭᠢᠬᠦᠢ ᠯᠣᠬᠢᠭ ᠤᠨ ᠪᠦᠲᠦᠴᠡ ᠡᠴᠡ ᠪᠦᠭᠡ ᠮᠦᠷᠭᠦᠯ ᠤᠨ ᠡᠭᠦᠰᠦᠯ ᠨᠡᠷ ᠡ ᠲᠣᠮᠢᠶᠠᠨ ᠤ ᠠᠰᠠᠭᠤᠳᠠᠯ ᠢ ᠬᠦᠨᠳᠡᠵᠠᠢ᠃ ᠡᠭᠦᠨ ᠤ ᠲᠠᠠᠭᠤ ᠳᠤ ᠡᠷᠳᠡᠮᠲᠠᠳ ᠤᠨ 《ᠮᠣᠩᠭᠤᠯ ᠪᠦᠭᠡ ᠨᠠᠷ ᠲᠤ ᠲᠤᠮᠳᠠᠳᠤ ᠠᠽᠢᠶ ᠠ ᠶᠢᠨ ᠶᠠᠰᠤᠲᠠᠨ ᠨᠤᠭᠤᠳ ᠤᠨ ᠪᠦᠬᠡ ᠳ᠋ᠤ ᠪᠠᠢᠳᠠᠭ ᠲᠠᠢᠮᠦ ᠬᠤᠷᠢᠴᠠᠯ ᠤᠨ ᠲᠣᠬᠠᠢ ᠵᠢᠷᠤᠭ ᠲᠡᠮᠳᠡᠭ ᠭᠡᠵᠦ ᠪᠠᠢᠬᠤ ᠦᠭᠡᠢ》ᠭᠡᠬᠦ ᠦᠵᠡᠯᠲᠡ ᠳ᠋ᠤ ᠰᠡᠵᠢᠭ ᠲᠦᠷᠦᠵᠦ᠂《ᠢᠲᠤᠭᠠᠨ᠂ ᠪᠦᠭᠡ》ᠪᠣᠯ ᠴᠢᠪ ᠬᠡᠮᠡᠨ ᠬᠦᠮᠦᠨ ᠤ ᠪᠡᠯᠭᠡ ᠴᠣᠭᠴᠠ ᠶᠢᠨ ᠣᠢᠯᠠᠭᠠᠯᠲᠠ ᠶᠢᠨ 《ᠨᠢᠭᠤᠴᠠ ᠲᠡᠮᠳᠡᠭ》(ᠲᠡᠮᠳᠡᠭ ᠤᠨ ᠤᠬᠠᠭᠳᠠᠬᠤᠨ) ᠮᠦᠨ ᠭᠡᠰᠡᠨ ᠦᠵᠡᠯᠲᠡ ᠪᠠᠨ ᠡᠷᠭᠦᠪᠡ᠃ᠮᠦᠨ《ᠢᠲᠤᠭᠠᠨ》᠂《ᠪᠦᠬᠡ》᠂《ᠡᠪᠦᠭᠡ》 ᠶᠢᠨ ᠦᠭᠡ ᠶᠢᠨ ᠭᠠᠷᠤᠯ ᠤᠨ ᠬᠤᠪᠢ ᠳ᠋ᠤ ᠰᠣᠶᠣᠯ ᠰᠡᠳᠭᠢᠬᠦᠢ ᠶᠢᠨ ᠲᠡᠦᠬᠡᠨ ᠪᠦᠲᠦᠴᠡ ᠶᠢᠨ ᠤᠨᠤᠯ ᠢᠢᠡᠷ ᠤᠨᠤᠭᠳᠠᠬᠤᠨ ᠤ ᠮᠦᠨ ᠴᠢᠨᠠᠷ᠂ᠲᠡᠦᠬᠡᠨ ᠬᠡᠯᠡ ᠵᠦᠢ ᠶᠢᠨ ᠢᠷᠡᠯᠲᠡ᠂ ᠡᠷᠲᠡᠨ ᠤ ᠮᠣᠩᠭᠤᠯᠴᠤᠳ ᠤᠨ ᠲᠤᠲ᠋ᠸᠮ(ᠠᠭᠤᠯᠭ᠎ᠠ) ᠮᠣᠩᠭᠤᠯ ᠣᠳᠤᠮ ᠤᠨ ᠦᠭᠡ ᠪᠦᠲᠦᠳᠡᠭ ᠲᠣᠰᠤ ᠤᠴᠢᠷ ᠢ ᠲᠠᠠᠭᠤ ᠳ᠋ᠤᠨᠢ ᠲᠤᠳᠤᠷᠠᠭᠤᠯᠬᠤ ᠵᠢ ᠬᠢᠴᠢᠶᠡᠪᠡ᠃ ᠎
Original Literature No Original Paper
出自 内蒙古师范大学学报 2000年 第1期

联系我们


内蒙古大学图书馆
呼和浩特市大学西路235号
中国·内蒙古
P: (0471) 4992561
E: huangfeilong@imu.edu.cn