Abstract |
ᠮᠠᠨᠢᠵᠠᠪ 1941 ᠣᠨ ᠤ 3 ᠰᠠᠷ᠎ᠠ ᠠᠴᠠ 《ᠬᠦᠬᠡ ᠲᠤᠭ》ᠰᠤᠨᠢᠨ ᠤ ᠰᠡᠳᠭᠦᠯ ᠦᠨ ᠬᠡᠯᠲᠡᠰ ᠲᠦ ᠣᠷᠴᠢᠭᠤᠯᠤᠨ ᠨᠠᠢ᠌ᠷᠠᠭᠤᠯᠬᠤ ᠠᠵᠢᠯ ᠢ ᠬᠠᠷᠢᠭᠤᠴᠠᠭᠰᠠᠨ ᠠᠴᠠ ᠡᠬᠢᠯᠡᠨ᠂ 《ᠠᠷᠠᠳ ᠤᠨ ᠵᠠᠮ ᠰᠤᠨᠢᠨ》᠂ 《ᠣᠯᠠᠨ ᠲᠦᠮᠡᠨ ᠰᠤᠨᠢᠨ》᠂ 《ᠡᠷᠬᠡ ᠴᠢᠯᠦᠭᠡ ᠰᠤᠨᠢᠨ》᠂ 《ᠬᠦᠯᠦᠨ ᠪᠤᠢ᠌ᠷ ᠤᠨ ᠰᠤᠨᠢᠨ》᠂ 《ᠦᠪᠦᠷ ᠮᠣᠩ᠋ᠭᠤᠯ ᠤᠨ ᠡᠳᠦᠷ ᠦᠨ ᠰᠤᠨᠢᠨ》᠂ 《ᠰᠢᠨ᠎ᠡ ᠦᠪᠦᠷ ᠮᠣᠩ᠋ᠭᠤᠯ》ᠰᠡᠳᠭᠦᠯ᠂ 《ᠦᠪᠦᠷ ᠮᠣᠩ᠋ᠭᠤᠯ ᠤᠨ ᠨᠤᠲᠤᠭ ᠤᠰᠤ》ᠰᠡᠳᠭᠦᠯ ᠵᠡᠷᠭᠡ ᠰᠢᠨ᠎ᠡ ᠰᠤᠨᠢᠨ ᠰᠡᠳᠭᠦᠯ ᠢ ᠡᠭᠦᠰᠭᠡᠨ ᠪᠠᠢ᠌ᠭᠤᠯᠬᠤ ᠳᠤ ᠰᠢᠨᠳᠡᠷᠡᠰᠢ ᠦᠭᠡᠢ ᠵᠢᠳᠭᠦᠯ ᠦᠵᠡᠭᠦᠯᠵᠡᠢ᠃ ᠦᠭᠦᠯᠡᠯ ᠳᠦ ᠮᠠᠨᠢᠵᠠᠪ ᠤᠨ ᠨᠠᠮᠳᠠᠷ ᠲᠡᠦᠬᠡ᠂ ᠰᠤᠨᠢᠨ ᠰᠡᠳᠭᠦᠯ ᠡᠷᠬᠢᠯᠡᠭᠰᠡᠨ ᠦᠢᠯᠡ ᠠᠵᠢᠯᠯᠠᠭ᠎ᠠ ᠪᠠ ᠰᠤᠨᠢᠨ ᠰᠡᠳᠭᠦᠯ ᠡᠷᠬᠢᠯᠡᠬᠦ ᠦᠵᠡᠯ ᠰᠠᠨᠠᠭ᠎ᠠ ᠶᠢᠨ ᠲᠤᠬᠠᠢ ᠦᠭᠦᠯᠡᠬᠦ ᠪᠤᠯᠤᠨ᠎ᠠ᠃ |