Paper Information


Title ᠮᠣᠩᠭ᠋ᠤᠯᠴᠤᠳ ᠤᠨ 《ᠲᠠᠪᠤᠨ ᠮᠠᠬᠠᠪᠤᠳ》 ᠤᠨ ᠣᠢᠢᠯᠠᠭᠠᠯᠲᠠ
Creator ᠰᠦᠶᠦᠭᠡ
Keyword ᠮᠣᠩᠭ᠋ᠤᠯᠴᠤᠳ; ᠲᠠᠪᠤᠨ ᠮᠠᠬᠠᠪᠣᠳ; ᠣᠢᠢᠯᠠᠭᠠᠯᠲᠠ
Abstract ᠡᠷᠲᠡᠨ ᠤ ᠮᠣᠩᠭ᠋ᠤᠯᠴᠤᠳ ᠤᠨ ᠲᠠᠪᠤᠨ ᠮᠠᠬᠠᠪᠣᠳ ᠢ ᠭᠠᠯᠪᠠ ᠡᠭᠦᠰᠦᠯ᠂ ᠡᠮᠨᠡᠯ᠂ ᠲᠣᠮᠨᠠᠯ᠂ᠵᠦᠭ ᠴᠢᠭ᠌᠂ᠦᠩᠭᠡ ᠲᠠᠢ ᠬᠤᠯᠪᠤᠵᠤ ᠰᠡᠳᠭᠢᠳᠡᠭ ᠰᠣᠶᠣᠯ ᠤᠬᠠᠮᠰᠠᠷ ᠢ ᠢᠯᠡᠷᠡᠭᠦᠯᠵᠦ᠂ ᠲᠡᠷᠡ ᠬᠦ ᠬᠣᠯᠪᠤᠭ᠎ᠠ ᠬᠠᠷᠢᠴᠠᠭ᠎ᠠ ᠵᠢ ᠦᠢᠯᠡᠳᠦᠯᠭᠡ ᠲᠡᠭᠡᠷ ᠡ ᠬᠡᠷᠡᠭᠯᠡᠵᠦ ᠶᠠᠮᠠᠷ ᠨᠢᠭᠡᠨ ᠵᠢᠮ ᠡ ᠬᠠᠤᠯᠢ᠂ ᠪᠡᠯᠭᠡᠳᠡᠯ ᠤᠳᠬ ᠠ ᠵᠢ ᠢᠯᠡᠷᠭᠡᠢᠢᠯᠡᠵᠦ《ᠬᠦᠷᠢᠶ ᠡ ᠰᠣᠶᠣᠯ》ᠡᠭᠦᠳᠦᠨ ᠪᠦᠲᠦᠭᠡᠭ᠍ᠰᠡᠨ ᠢ ᠲᠣᠳᠤᠷᠠᠭᠤᠯᠪᠠ᠃ ᠲᠠᠪᠤᠨ ᠮᠠᠬᠠᠪᠣᠳ ᠭᠡᠵᠦ ᠤᠰᠤ᠂ ᠭᠠᠯ᠂ ᠮᠣᠳᠤ᠂ ᠲᠡᠮᠦᠷ᠂ ᠰᠢᠷᠣᠢ ᠭᠡᠬᠦ ᠮᠡᠲᠦ ᠶᠢᠨ 5ᠵᠦᠢᠯ ᠤᠨ ᠪᠠᠢᠢᠭᠠᠯᠢ ᠶᠢᠨ ᠪᠣᠳᠠᠰ ᠢ ᠵᠢᠭᠠᠵᠤ ᠪᠠᠢᠢᠵᠠᠢ᠃ ᠡᠷᠲᠡᠨ ᠤ ᠮᠣᠩᠭ᠋ᠤᠯᠴᠤᠳ ᠲᠡᠭᠦᠨ ᠢ ᠭᠠᠯᠪᠠ ᠲᠡᠯᠡᠬᠡᠢ ᠶᠢᠨ ᠡᠭᠦᠰᠦᠯ ᠲᠠᠢ ᠬᠣᠯᠪᠤᠭᠳᠠᠭᠤᠯᠵᠤ᠂ ᠲᠦᠮᠡᠨ ᠪᠣᠳᠠᠰ ᠲᠦᠯᠵᠢᠨ ᠪᠦᠲᠦᠬᠦ ᠶᠢᠨ ᠦᠨᠳᠦᠰᠦᠨ ᠨᠠᠢᠢᠷᠠᠯᠭ᠎ᠠ ᠪᠡᠷ ᠦᠵᠡᠬᠦ ᠶᠢᠨ ᠲᠠᠭᠤ ᠳᠤ ᠬᠦᠮᠦᠨ ᠤ ᠪᠡᠶ ᠡ ᠶᠢᠨ ᠲᠠᠪᠤᠨ ᠴᠣᠯᠤ  ᠪᠦᠭᠡᠷ ᠡ᠂ ᠵᠢᠷᠦᠭᠡ᠂ ᠲᠡᠯᠢᠭᠦᠦ᠂ ᠠᠭᠤᠰᠬᠢ᠂ ᠡᠯᠢᠭᠡ ᠵᠡᠷᠭᠡ ᠳᠤ ᠲᠣᠬᠢᠶᠠᠵᠤ《ᠲᠠᠪᠤᠨ ᠮᠠᠬᠠᠪᠤᠳ》ᠭᠡᠵᠤ ᠬᠡᠯᠡᠳᠡᠭ᠃ ᠲᠠᠪᠤᠨ ᠮᠠᠬᠠᠪᠤᠳ ᠤᠨ ᠦᠨᠳᠦᠰᠦᠨ ᠪᠦᠷᠢᠯᠳᠦᠭᠦᠨ ᠡᠴᠡ ᠦᠵᠡᠬᠦ ᠳᠤ᠂ ᠲᠡᠷᠡ ᠨᠢ ᠲᠠᠪᠤᠨ ᠵᠦᠢᠯ ᠤᠨ ᠪᠣᠳᠠᠳᠤ ᠪᠣᠳᠠᠰ ᠪᠣᠯᠤᠨ᠎ᠠ᠃ ᠡᠢᠢᠮᠦ ᠡᠴᠡ ᠲᠡᠭᠦᠨ ᠢ ᠪᠣᠳᠠᠰᠴᠢ ᠦᠵᠡᠯ ᠤᠨ ᠰᠠᠭᠤᠷᠢ ᠲᠠᠢ ᠭᠡᠵᠦ ᠮᠠᠭᠠᠳᠯᠠᠵᠤ ᠪᠣᠯᠬᠤ ᠶᠣᠮ᠃ ᠭᠡᠬᠦ ᠳᠡᠭᠡᠨ ᠨᠢ ᠬᠦ ᠪᠠᠢᠢᠭᠠᠯᠢ ᠶᠢᠨ ᠪᠣᠳᠠᠰ ᠨᠢ ᠦᠪᠡᠷ ᠬᠣᠭᠤᠷᠤᠨᠳᠤ ᠪᠠᠨ ᠬᠠᠷᠰᠢᠬᠤ ᠬᠦᠭ᠍ᠵᠢᠭᠡᠬᠦ ᠬᠠᠷᠢᠴᠠᠭ᠎ᠠ ᠡᠭᠦᠰᠦᠭᠰᠡᠨ ᠡᠴᠡ ᠶᠠᠮᠠᠷ ᠨᠢᠭᠡᠨ ᠵᠢᠮ ᠡ ᠬᠠᠤᠯᠢᠴᠢ ᠴᠢᠨᠠᠷᠲᠠᠢ ᠣᠷᠴᠢᠯ ᠤᠯᠠᠷᠢᠯ ᠢ ᠡᠭᠦᠰᠭᠡᠵᠦ᠂ ᠠᠮᠢ ᠨᠠᠰᠤᠨ ᠤ ᠮᠦᠩᠬᠡ ᠶᠢᠨ ᠬᠦᠳᠡᠯᠭᠡᠭᠡᠨ ᠪᠣᠢ ᠪᠣᠯᠪᠠ᠃
Original Literature View Original Paper
出自 中国蒙古学 2011年 第6期

联系我们


内蒙古大学图书馆
呼和浩特市大学西路235号
中国·内蒙古
P: (0471) 4992561
E: huangfeilong@imu.edu.cn