Title |
ᠮᠣᠩᠭᠤᠯ ᠠᠨᠠᠭᠠᠬᠤ ᠤᠬᠠᠭᠠᠨ ᠤ ᠪᠡᠶ ᠠ ᠶᠢᠨ ᠦᠪᠡᠷᠮᠢᠴᠡ ᠴᠢᠨᠠᠷ ᠢ ᠠᠩᠬᠢᠯᠠᠬᠤ ᠠᠷᠭ᠎ᠠ ᠶᠢᠨ ᠲᠣᠬᠠᠢ |
Creator |
ᠰᠠᠢᠬᠠᠨᠴᠡᠴᠡᠭ᠌; ᠴᠸᠨ ᠰᠢᠶᠣᠣ ᠡᠾᠦ᠋ᠢ; ᠰᠠᠢᠬᠠᠨᠴᠢᠮᠡᠭ᠌ |
Keyword |
ᠦᠪᠡᠷᠮᠢᠴᠡ ᠴᠢᠨᠠᠷ; ᠠᠩᠬᠢᠯᠠᠬᠤ ᠠᠷᠭ᠎ᠠ; ᠤᠨᠤᠯ ᠰᠢᠨᠵᠢᠯᠡᠭᠡ |
Abstract |
ᠦᠪᠡᠷᠮᠢᠴᠡ ᠴᠢᠨᠠᠷ ᠤᠨ ᠲᠣᠬᠠᠢ ᠤᠨᠤᠯ ᠪᠣᠯ ᠮᠣᠩᠭᠤᠯ ᠠᠨᠠᠭᠠᠬᠤ ᠤᠬᠠᠭᠠᠨ ᠤ ᠦᠨᠳᠦᠰᠦᠨ ᠤᠨᠤᠯ ᠤᠨ ᠴᠢᠬᠤᠯᠠ ᠪᠦᠷᠢᠯᠳᠦᠬᠦᠨ ᠭᠡᠰᠡᠭ ᠨᠢ ᠪᠣᠯᠬᠤ ᠪᠦᠭᠡᠳ ᠦᠪᠡᠷᠮᠢᠴᠡ ᠴᠢᠠᠨᠷ ᠢ ᠠᠩᠬᠢᠯᠠᠨ ᠬᠤᠪᠢᠶᠠᠬᠤ ᠪᠣᠯ ᠦᠪᠡᠷᠮᠢᠴᠡ ᠴᠢᠠᠨᠷ ᠤᠨ ᠤᠨᠤᠯ ᠤᠨ ᠭᠤᠤᠯ ᠴᠢᠮᠦᠭᠡ ᠨᠢ ᠪᠣᠯᠤᠨ᠎ᠠ᠃ᠡᠨᠲᠡ ᠬᠡᠢ᠂ ᠰᠢᠷ ᠠ᠂ᠪᠠᠳᠭᠠᠨ ᠤ ᠪᠠᠶ ᠠ ᠶᠢᠨ ᠵᠦᠢ ᠶᠢᠨ ᠦᠢᠯᠠ ᠠᠵᠢᠯᠯᠠᠭ᠎ᠠ ᠪᠠ ᠬᠤᠷᠢᠨ ᠪᠡᠯᠭᠡ ᠴᠢᠠᠨᠷ ᠢ ᠦᠨᠳᠦᠰᠦᠯᠡᠨ ᠲᠤᠯᠤᠭᠠᠨ ᠦᠪᠡᠷᠮᠢᠴᠡ ᠴᠢᠨᠠᠷᠲᠠᠨ ᠤ ᠲᠤᠰ ᠲᠤᠰ ᠤᠨ ᠣᠨᠴᠠᠯᠢᠭ ᠪᠠ ᠲᠡᠳᠡᠭᠡᠷ ᠲᠤᠪᠤᠢᠭᠰᠠᠨ ᠤᠨᠴᠠᠯᠢᠭ ᠢᠢᠡᠷ ᠠᠰᠠᠭᠤᠯᠲᠠ ᠭᠠᠷᠭᠠᠵᠤ ᠬᠦᠰᠦᠨᠦᠭᠴᠢᠯᠡᠭᠰᠡᠨ ᠪᠠᠢᠨ᠎ᠠ᠃ ᠡᠭᠦᠨ ᠳ᠋ᠤ ᠬᠦᠰᠦᠨᠦᠭ1 ᠨᠢ ᠪᠠᠢᠴᠠᠭᠠᠭᠳᠠᠭᠴᠢ ᠡᠴᠡ ᠲᠠᠭᠯᠠᠬᠤ ᠪᠠ ᠭᠦᠰᠦᠨᠦᠭ 2 ᠨᠢ ᠪᠠᠢᠴᠠᠭᠠᠭᠴᠢ ᠶᠢᠨ ᠪᠠᠢᠴᠠᠭᠠᠨ ᠲᠤᠭᠯᠠᠬᠤ ᠠᠭᠤᠯᠭ᠎ᠠ ᠪᠣᠯᠤᠨ᠎ᠠ᠃ ᠬᠦᠰᠦᠨᠦᠭ 1 ᠪᠠ ᠬᠦᠰᠦᠨᠦᠭ 2 ᠵᠢᠡᠷ ᠲᠠᠮᠵᠢᠨ ᠨᠢᠭᠡ ᠬᠦᠮᠦᠨ ᠤ ᠤᠬᠠᠭᠠᠨ ᠰᠠᠨᠠᠭ᠎ᠠ᠂ ᠵᠠᠩ ᠠᠭᠠᠰᠢ᠂ ᠪᠣᠳᠤᠯ ᠰᠣᠳᠬᠢᠯᠭᠡ᠂ ᠲᠤᠷ ᠠ ᠰᠣᠨᠢᠷᠬᠠᠯ᠂ ᠪᠡᠶ ᠠ ᠶᠢᠨ ᠵᠦᠢ ᠶᠢᠨ ᠰᠢᠨᠵᠢ ᠢᠯᠡᠷᠡᠯ ᠢ ᠪᠦᠬᠦ ᠲᠠᠯ ᠠ ᠪᠡᠷ ᠤᠢᠯᠠᠭᠠᠵᠤ ᠪᠤᠯᠤᠨ᠎ᠠ᠃ ᠡᠢᠮᠦ ᠡᠴᠡ ᠬᠦᠰᠦᠨᠦᠭ1 ᠪᠠ ᠬᠦᠰᠦᠨᠦᠭ ᠬᠤᠶᠠᠷ ᠢ ᠦᠨᠳᠦᠰᠦᠯᠡᠨ ᠦᠪᠡᠷᠮᠢᠴᠡ ᠴᠢᠠᠨᠷ ᠢ ᠮᠠᠭᠠᠳᠯᠠᠬᠤ ᠨᠢ ᠰᠢᠨᠵᠢᠯᠡᠬᠦ ᠤᠬᠠᠭᠠᠨᠴᠢ ᠦᠨᠳᠦᠰᠦᠯᠡᠯ ᠲᠠᠢ ᠶᠣᠮ᠃ |
Original Literature |
View Original Paper
|
出自 |
内蒙古民族大学学报(蒙医药学)
2014年
第2期
|