Paper Information


Title ᠮᠤᠩᠭᠤᠯ ᠬᠡᠯᠡᠨ ᠤ ᠵᠦᠴᠦᠭᠡ ᠶᠢᠨ ᠮᠠᠲ᠋ᠸᠷᠢᠶᠠᠯ ᠤᠨ ᠬᠦᠮᠦᠷᠭᠡ ᠶᠢᠨ ᠲᠦᠯᠦᠭᠡᠯᠡᠭᠴᠢ ᠴᠢᠨ᠋ᠠᠷ ᠪᠡ ᠲᠡᠩᠴᠡᠭᠦᠷᠢᠳᠤ ᠴᠢᠨ᠋ᠠᠷ ᠤᠨ ᠲᠤᠬᠠᠢ ᠦᠬᠦᠯᠡᠬᠦ ᠨᠢ
Creator ᠮᠢᠨᠨ᠎ᠠ; ᠯᠤᠭᠯᠤ
Keyword ᠲᠦᠯᠦᠭᠡᠯᠡᠭᠴᠢ ᠴᠢᠨ᠋ᠠᠷ; ᠲᠡᠩᠴᠡᠭᠦᠷᠢᠳᠤ ᠴᠢᠨ᠋ᠠᠷ; ᠬᠡᠯᠡᠨ ᠤ ᠮᠠᠲ᠋ᠸᠷᠢᠶᠠᠯ ᠤᠨ ᠲᠦᠷᠦᠯ ᠠᠨᠩᠬᠢᠯᠡᠯ; ᠵᠠᠭᠪᠤᠷ; ᠬᠦᠢᠯᠭᠡᠭᠡᠴᠡ
Abstract ᠬᠡᠯᠡᠨ ᠤ ᠮᠠᠲ᠋ᠸᠷᠢᠶᠠᠯ ᠤᠨ ᠬᠦᠮᠦᠷᠭᠡ ᠶᠢᠨ ᠲᠤᠰ ᠪᠠᠶ᠎ᠡ ᠨᠢ ᠲᠦᠯᠤᠭᠡᠯᠡᠭᠴᠢ ᠴᠢᠨ᠋ᠠᠷ ᠪᠠ ᠲᠡᠩᠴᠡᠭᠦᠷᠢᠳᠤ ᠴᠢᠨ᠋ᠠᠷ ᠲᠠᠢ ᠪᠠᠢᠬᠤ ᠡᠰᠡᠬᠦ ᠨᠢ ᠲᠡᠬᠦᠨ ᠤ ᠰᠠᠭ᠋ᠤᠷᠢᠨ ᠲᠡᠭᠡᠷ᠎ᠠ ᠬᠢᠭᠰᠡᠨ ᠬᠡᠯᠡᠨ ᠤ ᠵᠠᠳᠠᠯᠤᠯᠳᠠ ᠪᠠᠢᠴᠠᠭ᠋ᠠᠯᠳᠠ ᠶᠢᠨ ᠵᠦᠢ ᠵᠤᠬᠢᠰᠳᠡᠢ᠂ ᠵᠦᠪ ᠤᠨ᠋ᠤᠪᠴᠢᠳᠡᠢ ᠪᠠᠢᠬᠤ ᠡᠰᠡᠬᠦ ᠵᠢ ᠲᠤᠭᠳᠠᠭ᠋ᠠᠳᠠᠭ᠃ ᠲᠦᠯᠦᠭᠡᠯᠡᠭᠴᠢ ᠴᠢᠨ᠋ᠠᠷ ᠨᠢ ᠬᠡᠯᠡᠨ ᠤ ᠮᠠᠲ᠋ᠸᠷᠢᠶᠠᠯ ᠤᠨ ᠬᠦᠮᠦᠷᠭᠡ ᠵᠢ ᠪᠠᠢᠭ᠋ᠤᠯᠬᠤ ᠬᠠᠷᠠᠯᠳᠠ ᠪᠤᠯᠬᠤ ᠳᠤ ᠬᠦᠷᠪᠠᠯ᠂ ᠲᠡᠩᠴᠡᠭᠦᠷᠢᠳᠤ ᠴᠢᠨ᠋ᠠᠷ ᠪᠤᠯ ᠡᠨ᠋ᠡ ᠬᠦ ᠬᠠᠷᠠᠯᠳᠠ ᠵᠢ ᠪᠠᠶᠠᠯᠡᠬᠦᠯᠬᠦ ᠠᠷᠭ᠎ᠠ ᠵᠠᠮ ᠪᠤᠯᠤᠨ᠎᠎ᠠ᠃ ᠬᠡᠯᠡᠨ ᠤ ᠮᠠᠲ᠋ᠸᠷᠢᠶᠠᠯ ᠤᠨ ᠬᠦᠮᠦᠷᠭᠡ ᠶᠢᠨ ᠲᠦᠯᠦᠭᠡᠯᠡᠭᠴᠢ ᠴᠢᠨ᠋ᠠᠷ ᠢ ᠪᠠᠳᠤᠯᠠᠬᠤ ᠳᠤ᠂ ᠲᠡᠭᠦᠨ ᠤ ᠪᠦᠳᠤᠴᠡ ᠪᠦᠷᠢᠯᠳᠤᠯ ᠢ ᠲᠠᠩᠴᠡᠭᠦᠷᠢᠳᠡᠢ ᠪᠠᠠᠢᠯᠭ᠋ᠠᠬᠤ ᠴᠢᠬᠤᠯᠠ ᠲᠠᠢ᠃ ᠲᠠᠩᠴᠷᠭᠦᠷᠢᠳᠡᠢ ᠪᠠᠢᠯᠭ᠋ᠠᠬᠤ ᠳᠤ ᠡᠯ᠎ᠠ ᠲᠦᠷᠦᠯ ᠤᠨ ᠮᠠᠲ᠋ᠸᠷᠢᠶᠠᠯ ᠤᠨ ᠬᠠᠷᠢᠴᠡᠯ ᠢ ᠲᠡᠩ ᠰᠡᠴᠠᠭ᠋ᠤ ᠪᠤᠯᠭ᠋ᠠᠨ᠎ᠠ ᠭᠡᠰᠡᠨ ᠪᠢᠰᠢ᠂ ᠬᠠᠷᠢᠨ ᠬᠠᠷᠢᠴᠡᠯ ᠶᠢᠡᠷ ᠲᠤᠬᠢᠷᠠᠮᠵᠢᠳᠡᠢ᠂ ᠪᠤᠳᠡᠳᠡᠢ ᠠᠮᠢᠳᠤᠷᠠᠯ ᠳ᠋ᠡᠬᠢ ᠬᠦᠴᠦ ᠨᠦᠯᠦᠭᠡ ᠵᠢ ᠪᠤᠳᠤᠯᠬᠢᠯᠠᠨ᠎ᠠ ᠬᠡᠰᠡᠨ ᠶᠠᠪᠤᠳᠠᠯ ᠪᠤᠯᠤᠨ᠎ᠠ᠃ ᠮᠤᠩᠭᠤᠯ ᠬᠡᠯᠡᠨ ᠤ ᠵᠦᠴᠦᠭᠡ ᠶᠢᠨ ᠮᠠᠲ᠋ᠸᠷᠢᠶᠠᠯ ᠤᠨ ᠬᠦᠮᠦᠷᠭᠡ ᠶᠢᠨ ᠲᠦᠯᠦᠭᠡᠯᠡᠭᠴᠢ ᠴᠢᠨ᠋ᠠᠷ ᠪᠠ ᠲᠡᠩᠴᠡᠭᠦᠷᠢᠳᠤ ᠴᠢᠨ᠋ᠠᠷ ᠢ ᠪᠠᠳᠤᠯᠠᠬᠤ ᠶᠢᠨ ᠲᠤᠰᠠᠳᠠ ᠬᠡᠯᠡᠡ ᠤ ᠮᠠᠲ᠋ᠸᠷᠢᠶᠠᠯ ᠤᠨ ᠲᠦᠷᠦᠯ ᠠᠩᠬᠢᠯᠡᠯ ᠪᠡ ᠬᠠᠷᠢᠴᠡᠯ᠂ ᠵᠠᠭᠪᠤᠷ ᠤᠨ ᠰᠤᠩᠭᠤᠯᠳᠠ ᠪᠤᠯᠤᠨ ᠬᠦᠢᠯᠭᠡᠭᠡᠴᠡ ᠵᠠᠷᠭᠡ ᠵᠢ ᠭᠦᠢᠴᠡᠳ ᠨᠢᠭᠳᠠᠯᠠᠬᠤ ᠬᠡᠷᠡᠭᠳᠡᠢ ᠪᠠᠢᠨ᠎ᠠ᠃
Original Literature View Original Paper
出自 中国蒙古学 2014年 第3期

联系我们


内蒙古大学图书馆
呼和浩特市大学西路235号
中国·内蒙古
P: (0471) 4992561
E: huangfeilong@imu.edu.cn