Paper Information


Title 17 ᠳ᠋ᠤᠭᠠᠷ ᠵᠠᠭᠤᠨ ᠤ ᠦᠶ᠎ᠡ ᠶᠢᠨ ᠮᠤᠩᠭ᠋ᠤᠯ ᠲᠡᠦᠬᠡᠨ ᠤᠷᠠᠨ ᠵᠤᠬᠢᠶᠠᠯ ᠤᠨ ᠬᠦᠦᠷᠨᠢᠯ ᠤᠨ ᠵᠠᠭᠪᠤᠷ ᠤᠨ ᠰᠢᠨᠵᠢᠯᠡᠯ
Creator ᠪᠤᠤ ᠼᠠᠢ ᠰᠢᠶᠠ
Keyword 17ᠳ᠋ᠤᠭᠠᠷ ᠵᠠᠭᠤᠨ; ᠮᠤᠩᠭ᠋ᠤᠯ ᠲᠡᠦᠬᠡᠨ ᠤᠷᠠᠨ ᠵᠤᠬᠢᠶᠠᠯ; ᠬᠦᠦᠷᠨᠢᠯ ᠤᠨ ᠵᠠᠭᠪᠤᠷ
Abstract 17 ᠳ᠋ᠤᠭᠠᠷ ᠵᠠᠭᠤᠨ ᠤ ᠦᠶ᠎ᠡ ᠶᠢᠨ ᠮᠤᠩᠭ᠋ᠤᠯ ᠲᠡᠦᠬᠡᠨ ᠤᠷᠠᠨ ᠵᠤᠬᠢᠶᠠᠯ ᠪᠤᠯ ᠮᠤᠩᠭ᠋ᠤᠯᠴᠤᠳ ᠤᠨ ᠡᠭᠦᠰᠦᠯ ᠭᠠᠷᠤᠯ᠂ ᠡᠰᠡᠨᠢᠯ ᠮᠠᠨᠳᠤᠯ᠂ ᠤᠷᠤᠭᠤᠳᠤᠯ ᠲᠤᠷᠤᠢ᠌ᠳᠠᠯ᠂ ᠬᠠᠭᠠᠴᠠᠯ ᠵᠠᠳᠠᠷᠠᠯ ᠤᠨ ᠲᠡᠦᠬᠡ ᠵᠢᠴᠢ ᠤᠯᠤᠰ ᠲᠦᠷᠦ᠂ ᠠᠵᠤ ᠠᠬᠤᠢ᠂ ᠨᠡᠢ᠌ᠭᠡᠮ ᠤᠨ ᠪᠠᠢ᠌ᠭᠤᠯᠤᠯ᠂ ᠵᠠᠩ ᠦᠢᠯᠡ ᠵᠡᠷᠭᠡ ᠶᠢ ᠰᠤᠳᠤᠯᠬᠤ ᠳᠤ ᠬᠤᠪᠤᠷ ᠨᠠᠨᠳᠢᠨ ᠰᠤᠷᠪᠤᠯᠵᠢ ᠪᠢᠴᠢᠭ᠌ ᠪᠤᠯᠬᠤ ᠪᠡᠷ ᠦᠯᠦ ᠪᠠᠷᠠᠮ᠂ ᠮᠤᠩᠭ᠋ᠤᠯᠴᠤᠳ ᠤᠨ ᠰᠤᠶᠤᠯ ᠤᠷᠠᠯᠢᠭ ᠤᠨ ᠬᠦᠭ᠍ᠵᠢᠯ ᠪᠠᠳᠠᠷᠠᠯ ᠂ ᠢᠯᠠᠩᠭ᠋ᠤᠶ᠎ᠠ ᠤᠷᠠᠨ ᠵᠤᠬᠢᠶᠠᠯ ᠤᠨ ᠤᠨᠴᠠᠯᠢᠭ ᠰᠢᠨᠵᠢ ᠶᠢ ᠰᠤᠳᠤᠯᠬᠤ ᠳ᠋ᠤ ᠴᠢᠬᠤᠯᠠ ᠭᠠᠷ ᠠᠪᠤᠯᠭ᠎ᠠ ᠶᠢᠨ ᠪᠢᠴᠢᠭ᠌ ᠪᠤᠯᠬᠤ ᠶᠤᠮ᠃ ᠬᠦᠦᠷᠨᠢᠯ ᠵᠦᠢ ᠶᠢᠨ ᠬᠠᠷᠢᠴᠠᠭ᠎ᠠ ᠡᠴᠡ 17 ᠳ᠋ᠤᠭᠠᠷ ᠵᠠᠭᠤᠨ ᠤ ᠦᠶ᠎ᠡ ᠶᠢᠨ ᠮᠤᠩᠭ᠋ᠤᠯ ᠲᠡᠦᠬᠡᠨ ᠤᠷᠠᠨ ᠵᠤᠬᠢᠶᠠᠯ ᠳᠤ ᠮᠤᠩᠭ᠋ᠤᠯ ᠦᠨᠳᠦᠰᠦᠳᠡᠨ ᠤ ᠲᠡᠦᠬᠡ ᠪᠢᠴᠢᠯᠭᠡ ᠶᠢᠨ ᠤᠯᠠᠮᠵᠢᠯᠠᠯᠳᠤ ᠠᠷᠭ᠎ᠠ ᠶᠢ ᠬᠡᠷᠬᠢᠨ ᠵᠠᠯᠭᠠᠮᠵᠢᠯᠠᠵᠤ ᠰᠢᠨᠡᠴᠢᠯᠡᠭᠰᠡᠨ ᠂ ᠱᠠᠰᠢᠨ ᠲᠦᠷᠦ ᠬᠤᠶᠠᠷ ᠶᠤᠰᠤᠨ ᠢ ᠵᠡᠷᠭᠡ ᠪᠡᠷ ᠶᠠᠪᠤᠭᠤᠯᠬᠤ ᠵᠤᠷᠢᠯᠳᠠ ᠶᠢ ᠬᠡᠷᠬᠢᠨ ᠤᠬᠠᠭᠤᠯᠵᠤ ᠰᠤᠷᠳᠠᠯᠴᠢᠯᠠᠭᠰᠠᠨ᠂ ᠠᠯᠳᠠᠨ ᠤᠷᠤᠭᠳᠠᠨ ᠤ ᠲᠡᠦᠬᠡ ᠶᠢ ᠬᠦᠦᠷᠨᠢᠬᠦ ᠵᠠᠭᠪᠤᠷ ᠢ ᠬᠡᠷᠬᠢᠨ ᠡᠭᠦᠳᠴᠦ ᠴᠤᠭᠴᠠᠯᠠᠭᠰᠠᠨ ᠵᠡᠷᠭᠡ ᠶᠢ ᠲᠤᠳᠤᠷᠠᠭᠤᠯᠬᠤ ᠨᠢ ᠮᠠᠰᠢ ᠴᠢᠬᠤᠯᠠ ᠠᠴᠢ ᠬᠤᠯᠪᠤᠭᠳᠠᠯ ᠲᠠᠢ ᠶᠤᠮ᠃
Original Literature View Original Paper
出自 蒙古学研究 2014年 第2期

联系我们


内蒙古大学图书馆
呼和浩特市大学西路235号
中国·内蒙古
P: (0471) 4992561
E: huangfeilong@imu.edu.cn