Title |
ᠨᠠᠰᠤᠨ ᠤ ᠵᠦᠷᠢᠶ᠎ᠡ ᠲᠠᠢ ᠬᠤᠯᠪᠤᠭᠳᠠᠭᠰᠠᠨ ᠨᠠᠢᠮᠠᠨ ᠠᠮᠠᠨ ᠠᠶᠠᠯᠭᠤᠨ ᠤ ᠠᠪᠢᠶᠠᠨ ᠤ ᠬᠤᠪᠢᠷᠠᠯ ᠢ ᠰᠢᠨᠵᠢᠯᠡᠬᠦ ᠨᠢ |
Creator |
ᠮᠦᠩᠭᠦᠨᠭᠡᠷᠡᠯ |
Keyword |
ᠨᠠᠢᠮᠠᠨ ᠠᠮᠠᠨ ᠠᠶᠠᠯᠭᠤ; ᠠᠪᠢᠶᠠᠨ ᠤ ᠬᠤᠪᠢᠷᠠᠯ; ᠨᠠᠰᠤᠨ ᠤ ᠵᠦᠷᠢᠶ᠎ᠡ; ᠵᠡᠷᠭᠡᠯᠡᠳᠡᠭᠡ ᠠᠮᠠᠨ ᠠᠶᠠᠯᠭᠤ |
Abstract |
ᠨᠠᠰᠤ ᠵᠢᠯ ᠤᠨ ᠲᠠᠯ᠎ᠠ ᠠᠴᠠ ᠠᠪᠴᠤ ᠬᠡᠯᠡᠪᠡᠯ᠂ ᠠᠭᠢᠮᠠᠭ ᠨᠠᠰᠤᠨ ᠤ ᠬᠦᠮᠦᠰ ᠪᠤᠯᠤᠨ ᠵᠠᠯᠠᠭᠤ ᠬᠦᠮᠦᠰ ᠦᠨ ᠠᠪᠢᠶᠠᠨ ᠳᠤ ᠤᠷᠤᠭᠰᠢᠯᠠᠭᠰᠠᠨ ᠡᠭᠡᠰᠢᠭ᠌ γ᠋ ᠶᠢ ᠬᠠᠳᠠᠭᠠᠯᠠᠵᠤ ᠪᠠᠢ᠌ᠬᠤ ᠡᠰᠡᠭᠦ ᠶᠢᠨ ᠵᠦᠷᠢᠶ᠎ᠡ ᠪᠠᠢ᠌ᠭ᠎ᠠ ᠨᠢ ᠲᠤᠳᠤᠷᠬᠠᠢ᠌ᠯᠠᠭᠳᠠᠵᠠᠢ᠃ᠯ ᠵᠤᠯᠠᠢ julai ᠋ ᠶᠢ ᠠᠪᠢᠶᠠᠯᠠᠭᠰᠠᠨ ᠪᠠᠢ᠌ᠳᠠᠯ ᠢᠶᠠᠷ ᠵᠢᠱᠢᠶᠡᠯᠡᠵᠦ ᠦᠵᠡᠪᠡᠯ᠂ ᠪᠠᠷᠢᠮᠵᠢᠶ᠎ᠠ ᠠᠪᠢᠶ᠎ᠠ ᠳᠤ ᠪᠠᠢ᠌ᠬᠤ ᠦᠭᠡᠢ γ ᠨᠢ ᠠᠭᠢᠮᠠᠭ ᠨᠠᠰᠤᠨ ᠤ ᠬᠦᠮᠦᠨ ᠦ ᠠᠪᠢᠶᠠᠨ ᠳᠤ ᠢᠯᠡᠷᠡᠵᠦ ᠪᠠᠢ᠌ᠳᠠᠭ᠃ ᠭᠡᠪᠡᠴᠦ ᠳᠤᠮᠳᠠ ᠨᠠᠰᠤ ᠪᠤᠯᠤᠨ ᠵᠠᠯᠠᠭᠤ ᠨᠠᠰᠤᠨ ᠳᠤ ᠣᠷᠤᠬᠤ ᠳᠤ ᠭᠡᠭᠡᠭ᠍ᠳᠡᠵᠦ᠂ uε ᠪᠤᠶᠤ ᠪᠠᠷᠢᠮᠵᠢᠶ᠎ᠠ ᠠᠪᠢᠶᠠᠨ ᠤ ᠬᠢ ᠲᠠᠢ ᠠᠳᠠᠯᠢ υ᠋ ᠪᠡᠷ ᠠᠪᠢᠶᠠᠯᠠᠭᠳᠠᠵᠤ ᠪᠠᠢ᠌ᠨ᠎ᠠ᠃ uε ᠋ ᠪᠡᠷ ᠠᠪᠢᠶᠠᠯᠠᠭᠳᠠᠬᠤ ᠠᠪᠢᠶᠠᠨ ᠤ ᠬᠤᠪᠢᠷᠠᠯ ᠪᠤᠯ ᠨᠠᠢᠮᠠᠨ ᠠᠮᠠᠨ ᠠᠶᠠᠯᠭᠤᠨ ᠤ ᠦᠪᠡᠷᠮᠢᠴᠡ ᠠᠪᠢᠶᠠᠨ ᠤ ᠦᠵᠡᠭᠳᠡᠯ ᠪᠤᠯᠤᠨ᠎ᠠ᠃ ᠰᠢᠠ (ᠲᠤᠰᠤ) sir_a (tosu) ᠭᠡᠳᠡᠭ ᠦᠨ ᠦᠭᠦᠯᠡᠭᠳᠡᠬᠦ ᠪᠠᠢ᠌ᠳᠠᠯ ᠨᠢ ᠪᠢᠴᠢᠭ᠌ ᠦᠨ ᠬᠡᠯᠡᠨ ᠦ ᠲᠤᠰᠤ (tosu)᠋ ᠶᠢ ᠠᠭᠢᠮᠠᠭ ᠨᠠᠰᠤᠨ ᠤ ᠬᠦᠮᠦᠨ ᠪᠦᠬᠦᠨ ᠢᠶᠡᠷ ᠢᠶᠡᠨ dɔs ᠭᠡᠵᠦ ᠠᠪᠢᠶᠠᠯᠠᠵᠤ ᠪᠠᠢ᠌ᠨ᠎ᠠ᠃ ᠡᠨᠡ ᠪᠤᠯ ᠦᠭᠡ ᠶᠢᠨ ᠡᠬᠢᠨ ᠦ ᠳᠠᠭᠤ ᠦᠭᠡᠢ ᠭᠡᠢ᠌ᠭᠦᠯᠦᠭᠴᠢ ᠨᠢ ᠲᠤᠬᠢᠷᠠᠯᠴᠠᠵᠤ ᠪᠠᠢ᠌ᠭ᠎ᠠ ᠳᠠᠭᠤ ᠲᠠᠢ ᠭᠡᠢ᠌ᠭᠦᠯᠦᠭᠴᠢ ᠪᠡᠷ ᠠᠪᠢᠶᠠᠯᠠᠭᠳᠠᠵᠤ ᠪᠠᠢᠨ᠎ᠠ ᠭᠡᠳᠡᠭ ᠨᠠᠢᠮᠠᠨ ᠠᠮᠠᠨ ᠠᠶᠠᠯᠭᠤᠨ ᠤ ᠤᠯᠠᠮᠵᠢᠯᠠᠯᠲᠤ ᠣᠨᠴᠠᠯᠢᠭ ᠯᠤᠭ᠎ᠠ ᠬᠤᠯᠪᠤᠭ᠎ᠠ ᠲᠠᠢ᠃ ᠭᠡᠪᠡᠴᠦ ᠳᠤᠮᠳᠠ ᠨᠠᠰᠤᠨ ᠤ ᠪᠤᠯᠤᠨ ᠵᠠᠯᠠᠭᠤ ᠨᠠᠰᠤᠨ ᠤ ᠬᠢᠨ ᠪᠤᠯ tɔs ᠭᠡᠵᠦ ᠠᠪᠢᠶᠠᠯᠠᠬᠤ ᠨᠢ ᠪᠠᠰᠠ ᠲᠤᠬᠢᠶᠠᠯᠳᠤᠳᠠᠭ᠃ ᠡᠨᠡ ᠪᠤᠯ ᠣᠨ ᠵᠢᠯ ᠦᠩᠭᠡᠷᠡᠵᠦ᠂ ᠴᠠᠭ ᠦᠶ᠎ᠡ ᠶᠢᠨ ᠬᠤᠢ᠌ᠰᠢᠯᠠᠬᠤ ᠶᠢ ᠳᠠᠭᠠᠯᠳᠤᠨ ᠪᠠᠷᠢᠮᠵᠢᠶ᠎ᠠ ᠠᠪᠢᠶ᠎ᠠ ᠳᠤ ᠣᠢ᠌ᠷᠠᠳᠴᠤ ᠪᠠᠢ᠌ᠭ᠎ᠠ ᠶᠢᠨ ᠢᠯᠡᠷᠡᠯ ᠮᠦᠨ᠃ |
Original Literature |
View Original Paper
|
出自 |
中国蒙古学
2013年
第3期
|