Title |
ᠬᠤᠷᠴᠢᠨ ᠪᠦᠭᠡ ᠶᠢᠨ ᠪᠦᠵᠢᠭ ᠤᠨ ᠤᠷᠠᠯᠢᠭ |
Creator |
ᠪᠠᠢ ᠽᠦᠢ ᠢᠩ |
Keyword |
ᠬᠤᠷᠴᠢᠨ ᠪᠦᠭᠡ; ᠪᠦᠵᠢᠭ ᠤᠨ ᠤᠷᠠᠯᠢᠭ |
Abstract |
ᠬᠤᠷᠴᠢᠨ ᠳᠤ ᠤᠳᠤ ᠪᠤᠯᠳᠠᠯ᠎ᠠ ᠤᠯᠠᠨ ᠲᠦᠷᠤᠯ ᠤᠨ ᠪᠤᠳᠤᠯᠢᠶᠠᠨᠳᠤ ᠬᠦᠳᠡᠯᠭᠡᠭᠡᠨ ᠲᠠᠢ᠂ ᠪᠠᠶᠠᠯᠢᠭ ᠬᠡᠯᠪᠡᠷᠢ ᠲᠠᠢ᠂ ᠦᠪᠡᠷᠮᠢᠴᠡ ᠤᠨᠴᠠᠯᠢᠭ ᠲᠠᠢ ᠪᠦᠭᠡ ᠮᠦᠷᠬᠦᠯ ᠤᠨ ᠪᠦᠵᠢᠭ ᠤᠷᠤᠰᠢᠭᠰᠠᠭᠠᠷ᠃ ᠡᠳᠡᠭᠡᠷ ᠪᠦᠭᠡ ᠶᠢᠨ ᠪᠦᠵᠢᠭ ᠨᠢ ᠬᠤᠷᠴᠢᠨ ᠮᠤᠩᠭᠤᠯ ᠤᠨ ᠱᠠᠰᠢᠨ ᠤ ᠰᠤᠶᠤᠯ ᠪᠠ ᠪᠦᠵᠢᠭ ᠤᠨ ᠰᠤᠶᠦᠯ ᠢ ᠰᠤᠳᠤᠯᠬᠤ ᠠᠮᠢᠳᠤ ᠲᠦᠷᠰᠦᠯᠢᠭ ᠬᠤᠪᠤᠷ ᠮᠠᠲ᠋ᠸᠷᠢᠶᠠᠯ ᠮᠦᠨ᠃ ᠬᠤᠷᠴᠢᠨ ᠪᠦᠭᠡ ᠶᠢᠨ ᠪᠦᠵᠢᠭ ᠢ ᠤᠷᠠᠯᠢᠭ ᠤᠨ ᠲᠠᠯ᠎ᠠ ᠡᠴᠨ ᠰᠢᠨᠵᠢᠯᠡᠪᠡᠯ᠂ ᠪᠠᠯᠠᠷ ᠦᠢᠯᠡᠳᠪᠤᠷᠢᠯᠡᠯ᠂ ᠪᠠᠯᠠᠷ ᠱᠠᠰᠢᠨ᠂ ᠪᠠᠯᠠᠷ ᠤᠷᠠᠯᠢᠭ ᠨᠢᠭᠡᠳᠤᠮᠠᠯ ᠰᠢᠨᠵᠢ ᠲᠠᠢ ᠪᠠᠢᠬᠤ ᠦᠶ᠎ᠠ ᠪᠦᠭᠡ ᠶᠢᠨ ᠪᠦᠵᠢᠭ ᠨᠢ ᠨᠢᠭᠡᠨ ᠵᠤᠢᠯ ᠤᠨ ᠲᠤᠰᠠᠭᠠᠷᠯᠠᠨ ᠤᠷᠤᠰᠢᠬᠤ ᠤᠷᠠᠯᠢᠭ ᠤᠨ ᠬᠡᠯᠪᠡᠷᠢ ᠪᠢᠰᠢ᠂ ᠬᠠᠷᠢᠨ ᠪᠦᠭᠡ ᠶᠢᠨ ᠤᠪᠠᠳᠢᠰ ᠶᠢᠡᠷ ᠠᠩ ᠠᠩᠨᠠᠬᠤ᠂ ᠤᠷᠠᠯᠢᠭ ᠶᠢᠡᠷ ᠲᠤᠲ᠋ᠸᠮ ᠶᠢᠡᠨ ᠰᠢᠳᠤᠬᠦ᠂ ᠬᠦᠳᠡᠯᠭᠡᠭᠡᠨ ᠶᠢᠡᠷ ᠡᠪᠡᠳᠴᠢᠨ ᠵᠠᠰᠠᠬᠤ ᠠᠷᠭ᠎ᠠ ᠬᠡᠷᠡᠭᠯᠡᠬᠦᠷ ᠪᠠ ᠱᠠᠰᠢᠨ ᠤ ᠰᠡᠷᠡᠯᠳᠡ ᠶᠢᠨ ᠲᠦᠷᠰᠤᠳᠤ ᠢᠯᠡᠷᠡᠯ ᠨᠢ ᠪᠤᠯᠵᠦ ᠪᠠᠢᠵᠡᠢ᠃ ᠬᠡᠳᠤᠨ ᠮᠢᠩᠭᠠᠨ ᠵᠢᠯ ᠤᠨ ᠡᠬᠦᠰᠤᠨ ᠪᠦᠷᠢᠯᠳᠤᠬᠦ᠂ ᠦᠷᠨᠢᠨ ᠭᠦᠭᠵᠢᠬᠦ ᠶᠠᠪᠤᠴᠠ ᠳᠤ ᠱᠠᠰᠢᠨ ᠤᠨ ᠠᠭᠤᠯᠭ᠎ᠠ᠂ ᠲᠠᠬᠢᠯᠭ᠎ᠠ ᠶᠢᠨ ᠶᠤᠰᠤᠯᠠᠯ᠂ ᠪᠦᠵᠢᠭ ᠤᠨ ᠪᠠᠶᠠᠳᠤ ᠤᠷᠠᠯᠢᠭ᠂ ᠭᠤᠤ᠎ᠠ ᠲᠠᠭᠠᠰᠢᠶᠠᠯ᠂ ᠨᠠᠢᠷ ᠨᠠᠭᠠᠳᠤᠮ ᠢ ᠤᠷᠭᠠᠨᠢᠭ ᠶᠢᠡᠷ ᠨᠢᠭᠡᠳᠭᠡᠵᠦ ᠴᠢᠳᠠᠭᠰᠠᠨ ᠪᠦᠭᠡᠳ ᠤᠷᠴᠢᠨ ᠦᠶ᠎ᠠ ᠰᠠᠬᠢᠭᠤᠯᠰᠤᠨ ᠢ ᠪᠠᠶᠠᠰᠬᠠᠬᠤ ᠡᠴᠡ ᠬᠦᠮᠦᠰ ᠢ ᠪᠠᠶᠠᠰᠬᠠᠬᠤ ᠵᠦᠭ ᠲᠠᠪᠰᠢᠵᠦ᠂ ᠱᠠᠰᠢᠨ ᠤ ᠦᠩᠭᠡ ᠪᠤᠳᠤᠭ ᠨᠢ ᠪᠠᠭᠠᠰᠴᠦ᠂ ᠡᠭᠡᠯ ᠬᠠᠷ᠎ᠠ ᠶᠢᠨ ᠪᠠ ᠤᠷᠠᠯᠢᠭ ᠤᠨ ᠰᠢᠨᠵᠢ ᠴᠢᠨᠠᠷ ᠨᠢ ᠨᠡᠮᠡᠭᠳᠡᠭᠡᠳ ᠱᠠᠰᠢᠨ ᠤ ᠪᠦᠵᠢᠭ ᠤᠨ ᠬᠦᠷᠢᠶᠡᠯᠡᠩ ᠳ᠋ᠡᠬᠢ ᠨᠢᠭᠡᠨ ᠪᠤᠳᠠ ᠢᠷᠭᠤᠢ ᠴᠡᠴᠡᠭ ᠪᠤᠯᠤᠭᠰᠠᠨ ᠪᠠᠢᠨ᠎ᠠ᠃ |
Original Literature |
No Original Paper
|
出自 |
内蒙古民族大学学报(社会科学)
1998年
第1期
|