Abstract |
ᠨ•ᠰᠠᠢᠰᠢᠶᠠᠯᠲᠤ ᠶᠢᠨ ᠨᠠᠢᠷᠠᠭᠤᠯᠤᠯ ᠤᠨ ᠤᠳᠬ ᠠ ᠰᠡᠳᠦᠪ ᠪᠣᠯᠤᠨ ᠶᠡᠷᠦᠩᠬᠡᠢ ᠣᠨᠴᠠᠯᠢᠭ ᠢ ᠬᠤᠷᠢᠶᠠᠩᠭᠤᠢᠯᠠᠨ ᠲᠠᠨᠢᠯᠴᠠᠭᠤᠯᠤᠭᠰᠠᠨ ᠰᠠᠭᠤᠷᠢ ᠲᠡᠭᠡᠷ ᠡ᠂ᠲᠡᠭᠡᠲᠦ ᠵᠠᠭᠤᠨ ᠤ ᠵᠢᠷᠠᠭᠠᠳ ᠣᠨ ᠡᠴᠡ ᠡᠬᠢᠯᠠᠨ ᠪᠢᠴᠢᠭᠰᠡᠨ ᠲᠡᠭᠦᠨ ᠤ ᠨᠠᠢᠷᠠᠭᠤᠯᠤᠯ ᠤᠳ ᠢ ᠴᠠᠭ ᠦᠶ ᠡ ᠶᠢᠨ ᠨᠡᠢᠲᠡᠯᠢᠭ ᠰᠡᠳᠦᠪᠲᠪ ᠨᠠᠢᠷᠠᠭᠤᠯᠤᠯ ᠪᠠ ᠨᠤᠲᠤᠭ ᠤᠰᠤᠨ ᠤ ᠨᠠᠢᠷᠠᠭᠤᠯᠤᠯ;《ᠵᠢᠷᠪᠢᠯᠵᠢᠨ ᠬᠠᠷᠠᠭᠳᠠᠬᠤ ᠪᠠᠭ᠎ᠠ ᠨᠠᠰᠤ》ᠬᠡᠮᠡᠬᠦ ᠨᠠᠮᠲᠤᠷᠯᠢᠭ ᠰᠢᠨᠵᠢᠲᠦ ᠬᠡᠦᠭᠡᠳ ᠤᠨ ᠤᠷᠠᠨ ᠵᠣᠬᠢᠶᠠᠯ ᠤᠨ ᠰᠢᠷᠢᠰ ᠨᠠᠢᠷᠠᠭᠤᠯᠤᠯ; ᠡᠷᠬᠢᠴᠡᠬᠦᠯᠦᠯ ᠲᠤᠷᠠᠰᠤᠮᠵᠢ ᠶᠢᠨ ᠨᠠᠢᠷᠠᠭᠤᠯᠤᠯ ᠭᠡᠬᠦ ᠭᠤᠷᠪᠠ ᠬᠡᠰᠡᠭ ᠲᠤ ᠬᠤᠪᠢᠶᠠᠷᠢᠯᠠᠨ ᠰᠢᠰᠲ᠋ᠧᠮ ᠲᠠᠢ ᠵᠠᠳᠠᠯᠤᠯᠲᠠ ᠰᠣᠳᠤᠯᠭ᠎ᠠ ᠬᠢᠬᠦ ᠶᠢᠨ ᠤᠯᠠᠮ ᠡᠴᠡ ᠨ•ᠰᠠᠢᠰᠢᠶᠠᠯᠲᠤ ᠶᠢᠨ ᠨᠠᠢᠷᠠᠭᠤᠯᠤᠯ ᠤᠨ ᠠᠭᠤᠯᠭ᠎ᠠ᠂ ᠬᠡᠯᠪᠡᠷᠢ ᠶᠢᠨ ᠦᠪᠡᠷᠮᠢᠴᠡ ᠣᠨᠴᠠᠯᠢᠭ ᠢ ᠲᠤᠳᠤᠷᠬᠠᠢᠯᠠᠵᠤ᠂ ᠮᠣᠩᠭᠤᠯ ᠨᠠᠢᠷᠠᠭᠤᠯᠤᠯ ᠤᠨ ᠭᠦᠭᠵᠢᠯ ᠳ᠋ᠤ ᠦᠵᠡᠭᠦᠯᠦᠭᠰᠡᠨ ᠬᠤᠪᠢ ᠨᠡᠮᠡᠷᠢ ᠪᠣᠯᠤᠨ ᠢᠯᠠᠩᠭᠤᠶ ᠠ ᠮᠣᠩᠭᠤᠯ ᠬᠡᠦᠬᠡᠳ ᠤᠨ ᠤᠷᠤᠨ ᠵᠣᠬᠢᠶᠠᠯ ᠵᠢᠴᠢ ᠮᠣᠩᠭᠤᠯ ᠲᠡᠦᠬᠡ ᠰᠣᠶᠣᠯ᠂ ᠵᠠᠩ ᠦᠢᠯᠡ ᠶᠢᠨ ᠰᠣᠳᠤᠯᠤᠯ ᠳ᠋ᠤ ᠬᠤᠯᠪᠤᠭᠲᠠᠬᠤ ᠦᠨ᠎ᠠ ᠴᠡᠨ᠎ᠠ ᠵᠢ ᠦᠨᠳᠦᠷ ᠢᠢᠡᠷ ᠦᠨᠡᠯᠡᠵᠡᠢ᠃ |