Paper Information


Title ᠵᠤᠬᠢᠶᠠᠨ ᠪᠦᠲᠦᠭᠡᠬᠦ ᠲᠤᠬᠠᠢ ᠮᠣᠩᠭᠤᠯ ᠵᠤᠬᠢᠶᠠᠯᠴᠢᠳ ᠤᠨ ᠦᠭᠦᠯᠡᠭᠰᠡᠨ ᠪᠤᠳᠠᠲᠤ ᠠᠭ᠋ᠤᠯᠭ᠎ᠠ ᠵᠢᠴᠢ ᠲᠡᠭᠦᠨ ᠦ ᠲᠠᠢᠯᠪᠤᠷᠢ — ᠤᠷᠠᠨ ᠰᠡᠳᠬᠢᠮᠵᠢ ᠬᠡᠮᠡᠭᠴᠢ
Creator ᠳᠤᠷᠤᠨ᠋ᠠᠲ᠋ᠡᠭᠷᠢ
Keyword ᠰᠡᠳᠦᠪ; ᠰᠡᠳᠬᠢᠮᠵᠢ; ᠵᠤᠬᠢᠶᠠᠮᠵᠢ
Abstract ᠲᠤᠰ ᠦᠭᠦᠯᠡᠯ ᠳᠦ ᠦᠪᠦᠷ ᠮᠣᠩᠭᠤᠯᠴᠤᠳ ᠤᠨ ᠲᠤᠭ᠋ᠤᠷᠪᠢᠯ ᠲᠤᠷᠰᠢᠯᠭ᠎ᠠ ᠶᠢᠨ ᠭᠤᠤᠯᠳᠠᠯᠭ᠋ᠠᠲᠤ ᠦᠭᠦᠯᠡᠭᠦᠨ ᠪᠤᠯᠬᠤ ᠤᠷᠠᠨ ᠰᠡᠳᠬᠢᠮᠵᠢ ᠶᠢᠨ ᠲᠤᠬᠠᠢ ᠦᠭᠦᠯᠡᠯᠲᠡ ᠨᠦᠬᠦᠳ ᠢ ᠪᠦᠷᠢᠳᠭᠡᠵᠦ᠂ ᠲᠡᠭᠦᠨ ᠳᠦ ᠲᠠᠢᠯᠪᠤᠷᠢ ᠬᠢᠪᠡ᠃ ᠡᠭᠦᠨ ᠳᠦ ᠰᠡᠳᠦᠪ᠂ ᠰᠡᠳᠬᠢᠮᠵᠢ᠂ ᠵᠤᠬᠢᠶᠠᠮᠵᠢ ᠨᠢ ᠬᠤᠯᠪᠤᠯᠳᠤᠭᠰᠠᠨ ᠤᠬᠠᠭᠳᠠᠬᠤᠨ ᠤ ᠬᠤᠪᠢ ᠪᠠᠷ ᠦᠪᠦᠷ ᠮᠣᠩᠭᠤᠯᠴᠤᠳ ᠲᠤ ᠣᠢᠯᠠᠭ᠋ᠠᠭᠳᠠᠵᠤ ᠪᠠᠢᠭᠰᠠᠨ ᠲᠡᠳᠦᠢ ᠦᠭᠡᠢ᠂ ᠰᠡᠳᠦᠪ ᠪᠤᠯ ᠠᠭ᠋ᠤᠯᠭ᠎ᠠ᠂ ᠰᠡᠳᠦᠪ ᠪᠤᠯ ᠤᠳᠬ᠎ᠠ; ᠤᠷᠠᠨ ᠰᠡᠳᠬᠢᠮᠵᠢ ᠪᠤᠯ ᠤᠷᠠᠯᠢᠭ ᠤᠨ ᠭᠤᠤ᠎ᠠ ᠰᠠᠢᠬᠠᠨ᠂ ᠤᠷᠠᠨ ᠰᠡᠳᠬᠢᠮᠵᠢ ᠪᠤᠯ ᠲᠤᠭ᠋ᠤᠷᠪᠢᠯ ᠤᠨ ᠶᠠᠪᠤᠴᠠ; ᠪᠦᠷᠢᠨ ᠴᠢᠯᠦᠭᠡᠲᠦ ᠤᠷᠠᠨ ᠵᠤᠬᠢᠶᠠᠮᠵᠢ ᠮᠡᠲᠦ ᠶᠢᠨ ᠤᠷᠠᠯᠢᠭ ᠤᠨ ᠦᠵᠡᠯ ᠰᠠᠨ᠋ᠠᠭ᠎ᠠ ᠭᠤᠤᠯᠴᠢᠯᠠᠭᠳᠠᠨ ᠳᠦᠷᠰᠦᠯᠡᠭᠳᠡᠵᠦ ᠪᠠᠢᠵᠠᠢ᠃ ᠡᠳᠡᠭᠡᠷ ᠳᠦᠷᠰᠦᠯᠡᠯ ᠦᠳ ᠲᠦ ᠮᠣᠩᠭᠤᠯᠴᠤᠳ ᠤᠨ ᠭᠤᠤ᠎ᠠ ᠵᠦᠢ ᠶᠢᠨ ᠤᠤᠭ᠋ᠠᠯ ᠦᠭᠦᠯᠡᠭᠳᠡᠭᠦᠨ ᠪᠤᠯᠤᠭᠴᠢ ᠪᠦᠷᠢᠨ᠂ ᠳᠦᠭᠦᠷᠡᠩ᠂ ᠬᠤᠳᠠᠯᠠ᠂ ᠲᠡᠭᠦᠰ᠂ ᠴᠢᠯᠦᠭᠡ᠂ ᠬᠡᠮᠵᠢᠶ᠎ᠡ᠂ ᠤᠷᠠᠨ᠂ ᠡᠪᠯᠢᠭ ᠦᠨ ᠣᠢᠯᠠᠭ᠋ᠠᠯᠲᠠ ᠬᠤᠯᠪᠤᠭᠳᠠᠭᠰᠠᠨ ᠶᠤᠮ ᠭᠡᠵᠦ ᠦᠭᠦᠯᠡᠭᠰᠡᠨ ᠪᠠᠢᠨ᠎ᠠ᠃
Original Literature No Original Paper
出自 内蒙古民族大学学报(社会科学) 2002年 第3期

联系我们


内蒙古大学图书馆
呼和浩特市大学西路235号
中国·内蒙古
P: (0471) 4992561
E: huangfeilong@imu.edu.cn