Paper Information


Title ᠬᠤᠷᠴᠢᠨ ᠰᠤᠶᠤᠯ ᠤᠨ ᠨᠢᠭᠡᠨ ᠲᠦᠪ-ᠲᠦᠰᠢᠶᠡᠳᠤ
Creator ᠬᠦᠷᠡᠯᠱᠠ
Keyword ᠮᠤᠩᠭᠤᠯ; ᠤᠷᠤᠨ ᠨᠤᠳᠤᠭ ᠤᠨ ᠰᠤᠶᠤᠯ; ᠬᠤᠷᠴᠢᠨ ᠰᠤᠶᠤᠯ; ᠰᠤᠶᠤᠯ ᠤᠨ ᠲᠦᠪ; ᠲᠦᠰᠢᠶᠡᠳᠤ
Abstract ᠨᠤᠨ ᠠᠷᠪᠠᠨ ᠬᠤᠰᠢᠭᠤ ᠶᠢᠨ ᠨᠢᠭᠡᠳᠤᠭᠡᠷ ᠬᠤᠰᠢᠭᠤ᠂ ᠬᠤᠷᠴᠢᠨ ᠪᠠᠷᠠᠭᠤᠨ ᠭᠠᠷᠤᠨ ᠭᠤᠷᠪᠠᠨ ᠬᠤᠰᠢᠭᠤ ᠵᠠᠷᠭᠡ ᠲᠠᠪᠤᠨ ᠬᠤᠰᠢᠭᠤ ᠶᠢᠨ ᠵᠠᠬᠢᠷᠤᠭᠴᠢ ᠬᠤᠰᠢᠭᠤ ᠪᠠᠢᠭᠰᠠᠨ ᠬᠤᠷᠴᠢᠨ ᠪᠠᠷᠠᠭᠤᠨ ᠭᠠᠷᠤᠨ ᠲᠤᠮᠳᠠᠳᠤ ᠬᠤᠰᠢᠭᠤ ᠲᠦᠰᠢᠶᠡᠳᠤ ᠵᠢ ᠨᠤᠨ ᠬᠤᠷᠴᠢᠨ ᠰᠤᠶᠤᠯ ᠤᠨ ᠨᠢᠭᠡᠨ ᠲᠦᠪ ᠬᠡᠵᠦ ᠦᠵᠡᠵᠦ ᠪᠠᠢᠨ᠎ᠠ᠃ ᠤᠷᠤᠨ ᠨᠤᠳᠤᠭ ᠤᠨ ᠰᠤᠶᠤᠯ ᠤᠨ ᠲᠦᠪ ᠪᠤᠯ ᠬᠦᠳᠡᠯᠦᠩᠬᠦᠢ ᠶᠤᠮ᠃ ᠲᠡᠤᠭᠡᠨ ᠵᠠᠰᠠᠭ ᠵᠠᠬᠢᠷᠭᠠᠨ ᠤ ᠬᠤᠪᠢᠶᠡᠷᠢ ᠬᠢᠭᠡᠳ ᠪᠠᠢᠷᠢ ᠰᠠᠠᠭᠤᠷᠢ᠂ ᠦᠢᠯᠡᠳᠤᠯ ᠨᠢ ᠤᠳᠤ ᠶᠢᠨ ᠵᠠᠰᠠᠭ ᠵᠠᠬᠢᠷᠭᠠᠨ ᠤ ᠬᠤᠪᠢᠶᠠᠷᠢ ᠲᠠᠢ ᠬᠤᠯᠪᠤᠭ᠎ᠠ ᠲᠠᠢ ᠮᠦᠷᠳᠡᠭᠡᠨ ᠢᠯᠭᠠᠭ᠎ᠠ ᠲᠠᠢ᠃ ᠪᠢᠳᠡ ᠲᠡᠤᠭᠡ ᠶᠢᠨ ᠵᠠᠰᠠᠭ ᠵᠠᠬᠢᠷᠭᠠᠨ ᠤ ᠤᠷᠤᠨ ᠬᠡᠬᠦ ᠬᠤᠶᠠᠷ ᠵᠤᠢᠯ ᠤᠨ ᠪᠤᠳᠠᠳᠤ ᠪᠠᠷᠢᠮᠵᠢᠶ᠎ᠠ ᠵᠢ ᠢᠯᠭᠠᠨ ᠦᠵᠡᠵᠦ᠂ ᠲᠦᠰᠢᠶᠡᠳᠤ ᠬᠤᠰᠢᠭᠤ ᠵᠢ ᠨᠤᠨ ᠠᠷᠪᠠ ᠬᠤᠰᠢᠭᠤ ᠵᠢᠷᠢᠮ ᠤᠨ ᠴᠢᠭᠤᠯᠭᠠᠨ ᠤ ᠦᠶ᠎ᠡ ᠶᠢᠨ ᠨᠤᠨ ᠬᠤᠷᠴᠢᠨ ᠰᠤᠶᠤᠯ ᠤᠨ ᠨᠢᠭᠡᠨ ᠲᠦᠪ ᠬᠡᠵᠦ ᠬᠠᠷᠢᠴᠠᠩᠭᠤᠢ ᠪᠠᠷ ᠮᠠᠭᠠᠳᠯᠠᠵᠦ ᠪᠠᠢᠨ᠎ᠠ᠃ ᠤᠷᠤᠨ ᠨᠤᠳᠤᠭ ᠤᠨ ᠰᠤᠶᠤᠯ ᠤᠨ ᠲᠦᠪ ᠪᠤᠯ ᠤᠷᠤᠨ ᠨᠤᠳᠤᠭ ᠤᠨ ᠤᠨᠴᠠᠯᠢᠭᠳᠤ ᠰᠤᠶᠤᠯ ᠢ ᠰᠠᠴᠤᠷᠠᠭᠤᠯᠤᠨ ᠲᠠᠷᠬᠠᠭᠠᠬᠤ ᠬᠦᠴᠦᠨ ᠲᠠᠢ ᠪᠠᠢᠳᠠᠭ᠃ ᠨᠡᠢᠴᠢ ᠲᠤᠢᠨ(1557-1653) ᠪᠡᠷ ᠨᠤᠨ ᠠᠷᠪᠠᠨ ᠬᠤᠰᠢᠭᠤ᠂ ᠦᠪᠦᠷ ᠮᠤᠩᠭᠤᠯ ᠤᠨ ᠵᠠᠬᠦᠨ ᠤᠷᠤᠨ ᠳᠤ ᠪᠤᠷᠬᠠᠨ ᠤ ᠱᠠᠰᠢᠨ ᠢ ᠲᠡᠯᠭᠡᠷᠡᠬᠦᠯᠬᠦ ᠳᠤ ᠲᠦᠰᠢᠶᠡᠳᠤ ᠬᠤᠰᠢᠭᠤ ᠪᠤᠷᠬᠠᠨ ᠤ ᠱᠠᠰᠢᠨ ᠤ ᠲᠡᠯᠭᠡᠷᠡᠯᠳᠡ ᠶᠢᠨ ᠨᠢᠭᠡᠨ ᠲᠦᠪ᠂ ᠤᠯᠠᠮᠵᠢᠯᠠᠯᠳᠤ ᠰᠤᠶᠤᠯ ᠤᠨ ᠨᠢᠭᠡᠨ ᠦᠲᠪ ᠪᠤᠯᠵᠦ ᠪᠠᠢᠪᠡ᠃
Original Literature View Original Paper
出自 中国蒙古学 2014年 第6期

联系我们


内蒙古大学图书馆
呼和浩特市大学西路235号
中国·内蒙古
P: (0471) 4992561
E: huangfeilong@imu.edu.cn