Title |
ᠪ᠂ ᠪᠦᠷᠢᠨᠪᠡᠬᠢ ᠶᠢᠨ ᠢᠷᠠᠭᠤ ᠨᠠᠡᠢᠷᠠᠭ ᠤᠨ ᠤᠶᠠᠩᠭ᠋ ᠡ ᠶᠢᠨ ᠵᠠᠭᠪᠤᠷ- ᠠᠷᠭ᠋ ᠡ ᠪᠢᠯᠢᠭ᠌ ᠤᠨ ᠨᠢᠭᠡᠳᠤᠯ ᠪᠤᠶᠤ ᠠᠷᠭ᠋ ᠡ- ᠪᠢᠯᠢᠭ᠌ ᠤᠨ ᠵᠠᠭᠪᠤᠷ |
Creator |
ᠲᠤᠷᠤᠨᠠᠲ᠋ᠡᠭᠷᠢ |
Keyword |
ᠪ᠂ ᠪᠦᠷᠢᠨᠪᠡᠬᠢ; ᠢᠷᠠᠭᠤ ᠨᠠᠡᠢᠷᠠᠭ; ᠤᠶᠠᠩᠭ᠋ ᠡ ᠶᠢᠨ ᠵᠠᠭᠪᠤᠷ |
Abstract |
ᠤᠶᠠᠩᠭ᠋ ᠡ ᠶᠢᠨ ᠵᠠᠭᠪᠤᠷ ᠭᠡᠭᠴᠢ ᠢᠷᠠᠭᠤ ᠨᠠᠡᠢᠷᠠᠭᠴᠢ ᠶᠢᠨ ᠤᠶᠠᠩᠭ᠋ᠠᠯᠠᠭᠳᠠᠬᠤᠨ ᠢ ᠡᠵᠡᠮᠳᠡᠬᠦ᠂ ᠰᠢᠢᠳᠪᠤᠷᠢᠯᠡᠬᠦ ᠠᠷᠭ᠋ ᠡ ᠮᠠᠶᠢᠭ ᠢ ᠬᠡᠯᠡᠨ ᠡ᠃ ᠲᠤᠬᠠᠢᠯᠠᠪᠠᠯ᠂ ᠶᠢᠷᠳᠢᠨᠴᠦ- ᠬᠦᠮᠦᠨ᠂ ᠬᠡᠷᠡᠭ ᠪᠤᠳᠠᠰ᠂ ᠶᠡᠬᠡ ᠪᠠᠡᠢᠭᠠᠯᠢ᠂ ᠰᠠᠨᠠᠭ᠋ ᠡ ᠰᠡᠳᠬᠢᠯᠭᠡ ᠭᠡᠬᠦ ᠵᠠᠷᠭᠡ ᠶᠢᠨ ᠤᠶᠠᠩᠭ᠋ᠠᠯᠠᠭᠳᠠᠬᠤᠨ ᠢ ᠤᠷᠠᠯᠢᠭ ᠤᠨ ᠶᠢᠷᠳᠢᠨᠴᠦ ᠳᠤ ᠠᠪᠴᠦ ᠤᠷᠦᠬᠤ ᠠᠷᠭ᠋ ᠡ ᠮᠠᠶᠢᠭ ᠤᠤᠨ ᠢ ᠵᠢᠭᠠᠨ ᠡ᠃ ᠮᠤᠩᠭ᠋ᠤᠯ ᠢᠷᠠᠭᠤ ᠨᠠᠡᠢᠷᠠᠭ ᠤᠨ ᠤᠯᠠᠮᠵᠢᠯᠠᠯ ᠳᠤ ᠦᠷᠭᠦᠯᠵᠢ ᠬᠠᠷᠠᠭᠳᠠᠳᠠᠭ ᠠᠷᠭ᠋ ᠡ ᠪᠢᠯᠢᠭ᠌ ᠤᠨ ᠨᠢᠭᠡᠳᠤᠯ᠂ ᠬᠦᠮᠦᠨ ᠪᠠᠡᠢᠭᠠᠯᠢ ᠶᠢᠨ ᠤᠶᠠᠯᠳᠤᠯ᠂ ᠤᠷᠤᠨ ᠴᠠᠭ ᠤᠨ ᠪᠠᠯᠠᠷᠬᠠᠡᠢᠰᠢᠯ᠂ ᠦᠩᠭᠡ ᠦᠵᠡᠮᠵᠢ ᠶᠢᠨ ᠨᠡᠪᠳᠡᠷᠠᠯᠴᠡᠯ ᠭᠡᠬᠦ ᠮᠠᠳᠤ ᠶᠢᠨ ᠤᠶᠠᠩᠭ᠋ ᠡ ᠶᠢᠨ ᠵᠠᠭᠪᠤᠷ ᠤᠤᠨ ᠪ᠂ ᠪᠦᠷᠢᠨᠪᠡᠬᠢ ᠶᠢᠨ ᠰᠢᠯᠦᠭ ᠲᠤᠭᠤᠷᠪᠢᠯ ᠳᠤ ᠵᠦᠩᠳᠡᠭᠡᠨ ᠲᠤᠬᠢᠯᠳᠤᠨ ᠡ᠃ ᠲᠤᠰ ᠦᠭᠦᠯᠡᠯ ᠳᠤ᠂ ᠲᠡᠭᠦᠨ ᠤ ᠰᠤᠶᠤᠯ ᠤᠨ ᠤᠯᠠᠮᠵᠢᠯᠠᠯ᠂ᠴᠠᠭ ᠦᠶ ᠡ ᠶᠢᠨ ᠵᠤᠬᠢᠶᠠᠯ ᠤᠨ ᠰᠤᠷᠳᠠᠯ᠂ ᠭᠤᠤ ᠡ ᠵᠦᠢ ᠶᠢᠨ ᠬᠦᠭᠡᠭᠡᠴᠡᠯᠳᠤᠯ ᠲᠠᠢ ᠨᠢ ᠬᠤᠯᠪᠤᠭᠳᠠᠬᠤ ᠨᠢᠭᠡ ᠵᠤᠡᠢᠯ ᠤᠨ ᠤᠶᠠᠩᠭ᠋ ᠡ ᠶᠢᠨ ᠵᠠᠭᠪᠤᠷ ᠠᠷᠭ᠋ ᠡ ᠪᠢᠯᠢᠭ᠌ ᠤᠨ ᠨᠢᠭᠡᠳᠤᠯ ᠢ ᠠᠪᠴᠦ ᠰᠢᠨᠵᠢᠯᠠᠪᠡ᠃ |
Original Literature |
View Original Paper
|
出自 |
中国蒙古学
2011年
第2期
|