Title |
ᠮᠣᠩ᠋ᠭᠤᠯ ᠡᠮ ᠳ᠋ᠢᠭᠳᠡ —4᠋ ᠶᠢᠨ ᠲᠠᠩ ᠪᠠ ᠲᠡᠭᠦᠨ ᠦ ᠬᠦᠯ ᠡᠮ ᠪᠤᠯᠬ ᠬᠠᠪᠢᠷᠭᠠᠨ ᠳ᠋ᠢᠭᠳᠡ ᠳᠦ ᠬᠢ ᠳ᠋ᠢᠭᠳᠡ ᠶᠢᠨ ᠭᠠᠰᠢᠭᠤᠨ ᠭᠯᠢᠺᠤᠰᠢᠳ᠋ ᠦᠨ ᠴᠢᠰᠦᠨ ᠴᠠᠢ᠌ᠪᠠᠩ ᠳᠤ ᠬᠢ ᠠᠭᠤᠯᠤᠭᠳᠠᠴᠠ ᠶᠢ ᠨᠢ ᠬᠠᠷᠢᠴᠠᠭᠤᠯᠤᠭᠰᠠᠨ ᠰᠤᠳᠤᠯᠭ᠎ᠠ |
Creator |
ᠵᠢᠨ ᠭᠠᠩ; ᠪᠠᠭᠠᠨ᠎ᠠ; ᠪᠠᠢ ᠮᠧᠢ ᠿᠦᠩ; ᠷᠠᠰᠢᠨᠠᠮᠵᠢᠯ; ᠭᠤᠤ ᠢᠦᠢ ᠹᠧᠩ |
Keyword |
ᠳ᠋ᠢᠭᠳᠡ —4᠋ ᠶᠢᠨ ᠲᠠᠩ; ᠬᠠᠪᠢᠷᠭᠠᠨ ᠳ᠋ᠢᠭᠳᠡ; ᠳ᠋ᠢᠭᠳᠡ ᠶᠢᠨ ᠭᠠᠰᠢᠭᠤᠨ ᠭᠯᠢᠺᠤᠰᠢᠳ᠋; ᠬᠠᠷᠢᠴᠠᠭᠤᠯᠤᠭᠰᠠᠨ ᠰᠤᠳᠤᠯᠭ᠎ᠠ |
Abstract |
ᠵᠤᠷᠢᠯᠭ᠎ᠠ᠄ ᠲᠦᠷᠭᠡᠨ ᠴᠢᠨᠠᠷ ᠲᠠᠢ ᠡᠯᠢᠭᠡᠨ ᠭᠡᠮᠲᠦᠯ ᠪᠦᠬᠦᠢ ᠲᠤᠮᠤ ᠬᠤᠯᠤᠭᠠᠨ᠎ᠠ ᠶᠢᠨ ᠴᠢᠰᠦᠨ ᠴᠠᠢᠪᠠᠩ ᠳᠤ ᠬᠢ ᠳ᠋ᠢᠭᠳᠡ ᠶᠢᠨ ᠭᠠᠰᠢᠭᠤᠨ ᠭᠯᠢᠺᠤᠰᠢᠳ᠋ (獐牙菜苦苷)᠋ ᠤᠨ ᠠᠭᠤᠯᠤᠭᠳᠠᠴᠠ ᠶᠢ ᠬᠡᠮᠵᠢᠬᠦ ᠦᠨᠳᠦᠷ ᠠᠰᠢᠭᠯᠠᠮᠵᠢᠲᠤ ᠦᠩᠭᠡ ᠶᠢᠨ ᠵᠢᠭ᠌ᠰᠠᠯ ᠤᠨ ᠠᠷᠭ᠎ᠠ ᠶᠢ ᠪᠠᠢ᠌ᠭᠤᠯᠬᠤ ᠶᠢᠨ ᠬᠠᠮᠲᠤ᠂ ᠬᠠᠪᠢᠷᠭᠠᠨ ᠳ᠋ᠢᠭᠳᠡ ᠨᠢ ᠳ᠋ᠢᠭᠳᠡ —4᠋ ᠶᠢᠨ ᠲᠠᠩ ᠳᠤ ᠬᠦᠯ ᠡᠮ ᠪᠯᠤᠬᠤ ᠦᠶ᠎ᠡ ᠳᠦ ᠪᠤᠰᠤᠳ ᠬᠦᠯ ᠡᠮ ᠦᠳ ᠲᠡᠢ ᠪᠡᠨ ᠨᠦᠯᠦᠭᠡᠯᠡᠯᠴᠡᠯ ᠡᠭᠦᠰᠬᠦ ᠡᠰᠡᠭᠦ ᠶᠢ ᠠᠩ᠋ᠬ᠎ᠠ ᠠᠯᠬᠤᠮ ᠲᠤᠳᠤᠷᠬᠠᠢ᠌ᠯᠠᠨᠠ᠃ ᠠᠷᠭ᠎ᠠ᠄ D—ᠬᠠᠭᠠᠰ ᠰᠦᠨ ᠰᠢᠬᠢᠷᠲᠦ ᠠᠮᠢᠨᠤ᠋ (D—GlaN)᠋ ᠶᠢ ᠹᠢᠽᠢᠤᠯᠤᠭᠢ ᠶᠢᠨ ᠳᠠᠪᠤᠰᠤᠨ ᠠᠭᠤᠰᠤᠮᠠᠯ ᠤᠨ ᠬᠠᠮᠲᠤ ᠲᠤᠮᠤ ᠬᠤᠯᠤᠭᠠᠨ᠎ᠠ ᠶᠢᠨ ᠬᠡᠪᠡᠯᠢ ᠶᠢᠨ ᠬᠦᠨᠳᠡᠢ ᠳᠦ ᠲᠠᠷᠢᠵᠤ ᠲᠦᠷᠭᠡᠨ ᠴᠢᠨᠠᠷ ᠲᠡᠢ ᠡᠯᠢᠭᠡᠨ ᠦ ᠭᠡᠮᠲᠦᠯ ᠢ ᠡᠭᠦᠰᠭᠡᠭ᠍ᠰᠡᠨ ᠦ ᠳᠠᠷᠠᠭ᠎ᠠ᠂ ᠳ᠋ᠢᠭᠳᠡ —4᠋᠋ ᠶᠢᠨ ᠲᠠᠩ ᠪᠠ ᠬᠠᠪᠢᠷᠭᠠᠨ ᠳ᠋ᠢᠭᠳᠡ ᠶᠢᠨ ᠠᠭᠤᠰᠤᠮᠠᠯ ᠢ ᠲᠤᠰ ᠪᠦᠷᠢ ᠤᠤᠭᠤᠯᠭᠠᠨ ᠦᠭ᠍ᠴᠦ᠂ ᠠᠳᠠᠯᠢ ᠪᠤᠰᠤ ᠴᠠᠭ ᠲᠦ ᠬᠢ ᠴᠢᠰᠦᠨ ᠳᠤᠲᠤᠷᠠᠬᠢ ᠳ᠋ᠢᠭᠳᠡ ᠶᠢᠨ ᠭᠠᠰᠢᠭᠤᠨ ᠭᠯᠢᠺᠤᠰᠢᠳ᠋ ᠦᠨ ᠠᠭᠤᠯᠤᠭᠳᠠᠴᠠ ᠶᠢ ᠨᠢ ᠡᠮᠵᠢᠪᠡ᠃ ᠬᠡᠮᠵᠢᠯᠲᠡ ᠳᠦ ᠬᠡᠷᠡᠭᠯᠡᠭᠰᠡᠨ ᠦᠩᠭᠡ ᠶᠢᠨ ᠵᠢᠭ᠌ᠰᠠᠯ ᠤᠨ ᠪᠠᠭᠠᠨ᠎ᠠ᠄ Dimaonsil-C18(250mm×4.6mm, 5μm); ᠤᠷᠤᠰᠤᠮᠠᠯ ᠹᠠᠰ᠄ ᠮᠧᠲ᠋ᠢᠯ ᠠᠯᠺᠤᠤᠯ -0.1%᠋ ᠶᠢᠨ ᠹᠤᠰᠹᠤᠷ ᠬᠦᠴᠢᠯ ᠦᠨ ᠠᠭᠤᠰᠤᠮᠠᠯ (22᠄ 78); ᠬᠡᠮᠵᠢᠯᠲᠡ ᠶᠢᠨ ᠲᠤᠯᠭᠢᠶᠠᠨ ᠤ ᠤᠷᠲᠤ ᠨᠢ ᠄238nm; ᠪᠠᠭᠠᠨ᠎ᠠ ᠶᠢᠨ ᠲᠤᠯᠠᠭᠠᠴᠠ ᠨᠢ 30℃; ᠤᠷᠤᠰᠬᠠᠬᠤ ᠬᠤᠷᠳᠤᠴᠠ ᠨᠢ᠄ 1ml/min᠃ ᠦᠷ᠎ᠡ ᠳ᠋ᠦᠩ᠄ ᠬᠠᠪᠢᠷᠭᠠᠨ ᠳ᠋ᠢᠭᠳᠡ ᠶᠢᠨ ᠠᠭᠤᠰᠤᠮᠠᠯ ᠤᠨ ᠴᠢᠰᠦᠨ ᠴᠠᠢ᠌ᠪᠠᠩ ᠳᠤ ᠬᠢ ᠳ᠋ᠢᠭᠳᠡ ᠶᠢᠨ ᠭᠠᠰᠢᠭᠤᠨ ᠭᠯᠢᠺᠤᠰᠢᠳ᠋ ᠤᠨ ᠠᠭᠤᠯᠤᠭᠳᠠᠴᠠ ᠨᠢ ᠳ᠋ᠢᠭᠳᠡ —4 ᠶᠢᠨ ᠲᠠᠩ ᠤᠨ ᠨᠠᠢ᠌ᠷᠠᠯᠭ᠎ᠠ ᠶᠢᠨ ᠬᠢ ᠠᠭᠤᠯᠤᠭᠳᠠᠴᠠ ᠠᠴᠠ ᠪᠠᠭ᠎ᠠ ᠪᠠᠢ᠌ᠨ᠎ᠠ᠃ ᠳ᠋ᠦᠩᠨᠡᠯᠲᠡ᠄ ① ᠲᠤᠰ ᠬᠡᠮᠵᠢᠯᠲᠡ ᠶᠢᠨ ᠠᠷᠭ᠎ᠠ ᠨᠢ ᠬᠢᠬᠦ ᠳ ᠳᠦᠭᠦᠮ ᠪᠦᠭᠡᠳ ᠨᠠᠢ᠌ᠳᠠᠪᠤᠷᠢᠲᠠᠢ᠂ ᠦᠷ᠎ᠡ ᠳ᠋ᠦᠩ ᠨᠢ ᠣᠨᠣᠪᠴᠲᠠᠢ᠂ ᠳᠠᠪᠳᠠᠨ ᠢᠯᠡᠷᠡᠬᠦ ᠴᠢᠨᠠᠷ ᠢᠶᠠᠷ ᠰᠠᠢ᠌ᠨ ᠲᠤᠯᠠ ᠲᠤᠮᠤ ᠬᠤᠯᠤᠭᠠᠨ᠎ᠠ ᠶᠢᠨ ᠴᠢᠰᠦᠨ ᠴᠠᠢ᠌ᠪᠠᠩ ᠳᠤ ᠬᠢ ᠳ᠋ᠢᠭᠳᠡ ᠶᠢᠨ ᠭᠠᠰᠢᠭᠤᠨ ᠭᠯᠢᠺᠤᠰᠢᠳ᠋ ᠤᠨ ᠠᠭᠤᠯᠤᠭᠳᠠᠴᠠ ᠶᠢ ᠬᠡᠮᠵᠢᠬᠦ ᠳᠦ ᠲᠤᠬᠢᠷᠠᠨ᠎ᠠ᠃ ② ᠬᠠᠪᠢᠷᠭᠠᠨ ᠳ᠋ᠢᠭᠳᠡ ᠨᠢ ᠪᠤᠰᠤᠳ ᠭᠤᠷᠪᠠᠨ ᠬᠦᠯ ᠡᠮ ᠲᠡᠢ ᠬᠠᠪᠰᠤᠷᠴᠤ ᠳ᠋ᠢᠭᠳᠡ —4᠋᠋ ᠶᠢᠨ ᠳᠠᠩ ᠤᠨ ᠨᠠᠢ᠌ᠷᠠᠯᠭᠠ᠋ ᠶᠢ ᠪᠦᠷᠢᠯᠳᠦᠭᠦᠯᠬᠦ ᠦᠶ᠎ᠡ ᠳᠦ ᠳ᠋ᠢᠭᠳᠡ ᠶᠢᠨ ᠭᠠᠰᠢᠭᠤᠨ ᠭᠯᠢᠺᠤᠰᠢᠳ᠋ ᠨᠢ ᠨᠡᠮᠡᠭᠳᠡᠬᠦ ᠬᠤᠪᠢᠷᠠᠯᠲᠠ ᠭᠠᠷᠳᠠᠭ ᠪᠠᠢ᠌ᠨ᠎ᠠ᠃ |
Original Literature |
View Original Paper
|
出自 |
内蒙古民族大学学报(蒙医药学)
2011年
第2期
|