Paper Information


Title ᠮᠣᠩᠭ᠋ᠤᠯ ᠮᠠᠨᠵᠤ ᠬᠡᠯᠡᠨ ᠦ ᠭᠤᠷᠪᠠᠳᠤᠭᠠᠷ ᠪᠡᠶ᠎ᠡ ᠶᠢᠨ ᠲᠦᠯᠦᠭᠡᠨ ᠦ ᠨᠡᠷ᠎ᠡ ᠶᠢᠨ ᠲᠤᠬᠠᠢ ᠬᠠᠷᠢᠴᠠᠭᠤᠯᠤᠯ
Creator ᠬᠠᠰᠪᠠᠭᠠᠲᠤᠷ
Keyword
Abstract ᠲᠤᠰ ᠦᠭᠦᠯᠡᠯ ᠳᠦ ᠂ ᠳᠤᠮᠳᠠᠳᠤ ᠵᠠᠭᠤᠨ ᠤ ᠮᠣᠩᠭ᠋ᠤᠯ ᠬᠡᠯᠡᠨ ᠳᠡᠬᠢ in-᠂ an- ᠦᠨᠳᠦᠰᠦ ᠪᠦᠬᠦᠢ ᠭᠤᠷᠪᠠᠳᠤᠭᠠᠷ ᠪᠡᠶ᠎ᠡ ᠶᠢᠨ ᠲᠦᠯᠦᠭᠡᠨ ᠦ ᠨᠡᠷ᠎ᠡ ᠶᠢᠨ ᠭᠠᠭᠴᠠ ᠲᠤᠭᠠᠨ ᠤ in- ᠨᠢ ᠮᠠᠨᠵᠤ ᠬᠡᠯᠡᠨ ᠦ ᠭᠠᠭᠴᠠ ᠲᠤᠭᠠᠨ ᠤ i ᠲᠠᠢ ᠭᠠᠷᠤᠯ ᠨᠢᠭᠡᠲᠡᠢ ᠪᠦᠭᠡᠳ ᠮᠠᠨᠵᠤ ᠬᠡᠯᠡᠨ ᠦ ᠮᠣᠩᠭ᠋ᠤᠯ ᠬᠡᠯᠡᠨ ᠦ an- ᠲᠠᠢ ᠲᠤᠬᠢᠷᠠᠯᠴᠠᠭᠰᠠᠨ ᠣᠯᠠᠨ ᠲᠤᠭᠠᠨ ᠤ ᠬᠡᠯᠪᠡᠷᠢ ᠨᠢ ᠨᠢᠭᠡᠨᠲᠡ ᠤᠰᠠᠲᠤᠭᠰᠠᠨ ᠪᠠᠢ᠌ᠨ᠎ᠠ ᠭᠡᠬᠦ ᠦᠵᠡᠯᠲᠡ ᠶᠢ ᠳᠡᠪᠰᠢᠭᠦᠯᠵᠡᠢ᠃ ᠡᠭᠦᠨ ᠡᠴᠡ ᠭᠠᠳᠠᠨ᠎ᠠ᠂ ᠲᠦᠷᠦᠭ ᠲᠦᠷᠦᠯ ᠦᠨ ᠬᠡᠯᠡ ᠨᠦᠬᠦᠳ ᠦᠨ ᠭᠤᠷᠪᠠᠳᠤᠭᠠᠷ ᠪᠡᠶ᠎ᠡ ᠶᠢᠨ ᠲᠦᠯᠦᠭᠡᠨ ᠦ ᠨᠡᠷ᠎ᠡ ᠲᠡᠢ ᠬᠠᠷᠢᠴᠠᠭᠤᠯᠬᠤ ᠪᠠᠷ ᠳᠠᠮᠵᠢᠭᠠᠳ᠂ ᠮᠣᠩᠭ᠋ᠤᠯ᠂ ᠮᠠᠨᠵᠤ ᠬᠡᠯᠡ ᠪᠡ ᠲᠦᠷᠦᠭ ᠲᠦᠷᠦᠯ ᠦᠨ ᠬᠡᠯᠡᠨ ᠦ ᠭᠤᠷᠪᠠᠳᠤᠭᠠᠷ ᠪᠡᠶ᠎ᠡ ᠶᠢᠨ ᠲᠦᠯᠦᠭᠡᠨ ᠦ ᠨᠡᠷ᠎ᠡ ᠨᠢ ᠬᠠᠷᠢᠯᠴᠠᠨ ᠭᠠᠷᠤᠯ ᠨᠢᠭᠡᠲᠡᠢ᠂ ᠲᠡᠳᠡᠨ ᠦ ᠨᠡᠢ᠌ᠲᠡ ᠳᠤᠮᠳᠠ ᠶᠢᠨ ᠬᠡᠯᠪᠡᠷᠢ ᠨᠢ *un ᠪᠠᠢ᠌ᠭᠰᠠᠨ ᠪᠦᠭᠡᠳ ᠲᠤᠭᠠᠨ ᠤ ᠤᠳᠬ᠎ᠠ ᠶᠢᠨ ᠲᠠᠯ᠎ᠠ ᠪᠠᠷ ᠳᠤᠮᠳᠠᠴᠢ ᠴᠢᠨᠠᠷ ᠲᠠᠢ ᠪᠠᠢ᠌ᠵᠠᠢ᠃ *un ᠨᠢ ᠮᠣᠩᠭ᠋ᠤᠯ ᠬᠡᠯᠡᠨ ᠳᠦ in-᠂ an- ᠪᠤᠯᠤᠨ ᠰᠠᠯᠪᠤᠷᠢᠯᠠᠨ ᠬᠦᠭ᠍ᠵᠢᠭᠰᠡᠨ ᠪᠦᠭᠡᠳ ᠡᠭᠦᠨ ᠦ ᠰᠠᠭᠤᠷᠢᠨ ᠳᠡᠭᠡᠷ᠎ᠡ ᠠᠳᠠᠯᠢ ᠪᠤᠰᠤ ᠲᠤᠭᠠᠨ ᠤ ᠤᠳᠬ᠎ᠠ ᠲᠠᠢ ᠪᠤᠯᠵᠠᠢ᠃ ᠮᠣᠩᠭ᠋ᠤᠯ ᠮᠠᠨᠵᠤ ᠬᠡᠯᠡᠨ ᠦ ᠵᠢᠭᠠᠬᠤ ᠲᠦᠯᠦᠭᠡᠨ ᠦ ᠨᠡᠷ᠎ᠡ ᠨᠢ ᠴᠦ ᠭᠤᠷᠪᠠᠳᠤᠭᠠᠷ ᠪᠡᠶ᠎ᠡ ᠶᠢ ᠢᠯᠡᠳᠭᠡᠵᠦ᠂ ᠮᠣᠩᠭ᠋ᠤᠯ ᠬᠡᠯᠡᠨ ᠦ tete᠂ ᠲᠦᠯᠦᠭᠡᠨ ᠦ ᠨᠡᠷ᠎ᠡ ᠨᠢ ᠴᠦ ᠭᠤᠷᠪᠠᠳᠤᠭᠠᠷ ᠪᠡᠶ᠎ᠡ ᠶᠢ ᠢᠯᠡᠳᠭᠡᠵᠦ᠂ ᠮᠣᠩᠭ᠋ᠤᠯ ᠬᠡᠯᠡᠨ ᠦ tere ᠂ tede ᠨᠢ ᠮᠠᠨᠵᠤ ᠬᠡᠯᠡᠨ ᠦ tere ᠂ tese ᠲᠠᠢ ᠮᠦᠨ ᠭᠠᠷᠤᠯ ᠨᠢᠭᠡᠲᠡᠢ ᠭᠡᠵᠦ ᠦᠵᠡᠭᠰᠡᠨ ᠪᠠᠢ᠌ᠨ᠎ᠠ᠃
Original Literature No Original Paper
出自 内蒙古大学学报 1993年 第4期

联系我们


内蒙古大学图书馆
呼和浩特市大学西路235号
中国·内蒙古
P: (0471) 4992561
E: huangfeilong@imu.edu.cn