Paper Information


Title ᠮᠣᠩᠭᠤᠯ ᠡᠮ ᠦᠨ ᠮᠠᠲ᠋ᠧᠷᠢᠶᠠᠯ ᠢᠷᠭᠢ ᠶᠢᠨ ᠬᠤᠤᠷᠲᠤ ᠬᠠᠪᠤᠲᠠᠢ ᠢ ᠡᠰᠡᠷᠭᠦᠴᠡᠬᠦ ᠢᠳᠡᠪᠬᠢ ᠪᠦᠷᠢᠯᠳᠦᠭᠦᠨ ᠦ ᠲᠤᠬᠠᠢ ᠰᠤᠳᠤᠯᠭ᠎ᠠ
Creator ᠵᠠᠩ ᠫᠢᠩ; ᠠᠯᠲᠠᠨᠬᠤᠷᠭᠢᠯ; ᠪᠠᠳᠠᠷᠠᠬᠤ; ᠠᠰᠤᠷᠤ; ᠯᠢ ᠲᠤᠯᠭᠠᠭᠤᠷᠢ; ᠪᠤᠤ ᠪᠤᠤ ᠴᠢᠤᠸᠠᠨ
Keyword ᠢᠷᠭᠢ; ᠨᠢᠯᠬ᠎ᠠ ᠳᠠᠯᠠᠢ ᠶᠢᠨ ᠰᠠᠮ ᠬᠤᠷᠤᠬᠠᠢ ᠶᠢ ᠦᠬᠦᠭᠦᠯᠬᠦ ᠲᠤᠷᠰᠢᠯᠲᠠ; ᠬᠤᠤᠷᠲᠤ ᠬᠠᠪᠤᠲᠠᠷ ᠢ ᠡᠰᠡᠷᠭᠦᠴᠡᠬᠦ; ᠬᠢᠮᠢ ᠶᠢᠨ ᠪᠦᠷᠢᠯᠳᠦᠭᠦᠨ
Abstract ᠵᠤᠷᠢᠯᠭ᠎ᠠ᠄ ᠮᠣᠩ᠋ᠭᠤᠯ ᠡᠮ ᠦᠨ ᠮᠠᠲ᠋ᠧᠷᠢᠶᠠᠯ ᠢᠷᠭᠢ (棉团铁线莲,Clematis hexapetala Pall ᠋ ᠶᠢᠨ ᠬᠠᠲᠠᠭᠠᠭᠰᠠᠨ ᠴᠡᠴᠡᠭ ᠨᠠᠪᠴᠢ ᠪᠦᠬᠦᠢ ᠡᠰᠢ)᠋ ᠶᠢᠨ ᠪᠠᠳᠠᠬᠢ ᠶᠢ ᠡᠪᠳᠡᠬᠦ ᠢᠳᠡᠪᠬᠢ ᠴᠢᠨᠠᠷ ᠪᠬᠦᠢ ᠪᠦᠷᠢᠯᠳᠦᠭᠦᠨ ᠢ ᠨᠢ ᠰᠤᠳᠤᠯᠤᠨ᠎ᠠ᠃ ᠠᠷᠭ᠎ᠠ᠄ ᠨᠢᠯᠬ᠎ᠠ ᠳᠠᠯᠠᠢ ᠶᠢᠨ ᠰᠠᠮ ᠬᠤᠷᠤᠬᠠᠢ ᠶᠢ ᠦᠬᠦᠭᠦᠯᠬᠦ ᠲᠤᠷᠰᠢᠯᠲᠠ ᠪᠠᠷ ᠪᠠᠳᠠᠬᠢ ᠶᠢ ᠡᠪᠳᠡᠬᠦ ᠢᠳᠡᠪᠬᠢ ᠴᠢᠨᠠᠷ ᠢ ᠨᠢ ᠮᠦᠷᠳᠡᠨ ᠪᠠᠢ᠌ᠴᠠᠭᠠᠬᠤ ᠵᠠᠭᠪᠤᠷ ᠪᠤᠯᠭᠠᠵᠤ᠂ ᠪᠦᠬᠡᠭᠡᠨᠡᠷᠡᠯ ᠠᠰᠢᠯ ᠠᠮᠢᠨ᠂ ᠴᠠᠬᠢᠭᠤᠷᠲᠤ ᠴᠠᠪᠠᠤ᠂ Sephadex LH-20 ᠪᠠ pre-HPLC ᠵᠡᠷᠭᠡ ᠦᠩᠭᠡ ᠶᠢᠨ ᠵᠢᠭ᠌ᠰᠠᠯ ᠤᠨ ᠠᠷᠭ᠎ᠠ ᠪᠠᠷ ᠰᠠᠯᠭᠠᠨ ᠴᠡᠪᠡᠷᠰᠢᠭᠦᠯᠦᠭᠡᠳ᠂ ᠳᠤᠯᠭᠢᠶᠠᠨ ᠵᠢᠭ᠌ᠰᠠᠯ ᠤᠨ ᠲᠤᠭ᠎ᠠ ᠪᠠᠷᠢᠮᠲᠠ ᠪᠠ ᠬᠢᠮᠢ ᠹᠢᠽᠢᠺ ᠤᠨ ᠰᠢᠨᠵᠢ ᠴᠢᠨᠠᠷ ᠢ ᠨᠢ ᠦᠨᠳᠦᠰᠦᠯᠡᠵᠦ᠂ ᠬᠢᠮᠢ ᠶᠢᠨ ᠨᠢᠭᠡᠳᠪᠦᠷᠢ ᠶᠢᠨ ᠪᠦᠲᠦᠴᠡ ᠶᠢ ᠨᠢ ᠲᠤᠭᠲᠠᠭᠠᠪᠠ᠃ ᠦᠷ᠎ᠡ ᠳ᠋ᠦᠩ᠄ 4 ᠵᠤᠢ᠌ᠯ ᠤᠨ ᠬᠢᠮᠢ ᠶᠢᠨ ᠨᠢᠭᠡᠳᠪᠦᠷᠢ ᠶᠢ ᠰᠠᠯᠭᠠᠨ ᠣᠯᠵᠤ ᠬᠢᠨᠠᠨ ᠲᠤᠭᠲᠠᠭᠠᠯᠲᠠ ᠬᠢᠪᠡ᠃ ᠲᠡᠳᠡᠭᠡᠷ ᠨᠢ ᠲᠤᠰ ᠲᠤᠰ ᠴᠠᠭᠠᠨ ᠭᠠ ᠵᠢᠨ ᠹᠧᠨᠤᠯ -7-O-a-L- ᠶᠠᠰᠢᠯ ᠰᠢᠬᠢᠷ ᠦᠨ ᠭᠯᠢᠺᠤᠰᠢᠳ᠋ (Ⅰ)᠂ ᠴᠠᠭᠠᠨ ᠭᠠ ᠵᠢᠨ ᠭᠯᠢᠺᠤᠰᠢᠳ᠋ (Ⅱ)᠂ 6-O- ᠺᠤᠹ᠌ᠧ ᠶᠢᠨ ᠠᠰᠢᠯᠲᠤ ᠪᠠᠭᠠᠪᠠᠭᠠᠢ ᠵᠢᠮᠢᠰ ᠦᠨ ᠭᠯᠢᠺᠤᠰᠢᠳ᠋ (Ⅲ) ᠪᠠ ᠺᠤᠹᠧ ᠶᠢᠨ ᠬᠦᠴᠢᠯ (Ⅳ᠎)᠎ ᠪᠤᠯᠤᠨ᠎ᠠ᠃ ᠳ᠋ᠦᠩᠨᠡᠯᠲᠡ᠄ ᠬᠢᠮᠢ ᠶᠢᠨ ᠨᠢᠭᠡᠳᠪᠦᠷᠢ Ⅰ~Ⅳ᠎ ᠪᠤᠯ ᠴᠦᠮ ᠠᠩ᠋ᠬ᠎ᠠ ᠤᠳᠠᠭ᠎ᠠ ᠲᠤᠰ ᠤᠷᠭᠤᠮᠠᠯ ᠠᠴᠠ ᠢᠯᠭᠠᠨ ᠰᠠᠯᠭᠠᠵᠤ ᠣᠯᠤᠭᠰᠠᠨ ᠵᠤᠢ᠌ᠯ ᠪᠤᠯᠤᠨ᠎ᠠ᠃
Original Literature View Original Paper
出自 内蒙古民族大学学报(蒙医药学) 2011年 第1期

联系我们


内蒙古大学图书馆
呼和浩特市大学西路235号
中国·内蒙古
P: (0471) 4992561
E: huangfeilong@imu.edu.cn