Paper Information


Title 《ᠡᠪᠡᠰᠦ ᠨᠠᠪᠴᠢ ᠶᠢᠨ ᠲᠡᠭᠦᠪᠦᠷᠢ》᠋ ᠳᠡᠬᠢ ᠰᠦᠨᠡᠰᠦᠨ ᠦ ᠲᠤᠬᠠᠢ ᠦᠭᠦᠯᠡᠬᠦ ᠨᠢ
Creator ᠰ‍᠂ ᠣᠳᠬᠤᠨᠪᠠᠶᠠᠷ
Keyword
Abstract 《ᠡᠪᠡᠰᠦ ᠨᠠᠪᠴᠢ ᠶᠢᠨ ᠲᠡᠭᠦᠪᠦᠷᠢ》᠋ ᠳᠡᠬᠢ 《ᠰᠦᠨᠡᠰᠦ》ᠨᠢ ᠪᠡᠯᠭᠡᠳᠡᠯ ᠪᠡᠶ᠎ᠡ ᠪᠤᠯᠤᠭᠰᠠᠨ ᠤ ᠬᠤᠪᠢ ᠳᠤ ᠪᠤᠰᠤᠳ ᠪᠡᠯᠭᠡᠳᠡᠯ ᠪᠡᠶ᠎ᠡ 《ᠮᠠᠬᠠᠪᠤᠳ》ᠪᠠ 《ᠡᠪᠡᠰᠦ ᠨᠠᠪᠴᠢ》ᠲᠠᠢ ᠠᠳᠠᠯᠢ ᠪᠠᠷ ᠰᠢᠯᠦᠭ ᠦᠨ ᠠᠭᠤᠯᠭ᠎ᠠ ᠬᠡᠯᠪᠡᠷᠢ ᠶᠢᠨ ᠲᠤᠭᠲᠠᠯᠴᠠᠭ᠎ᠠ ᠳᠤ ᠴᠢᠬᠤᠯᠠ ᠦᠢᠯᠡᠳᠦᠯ ᠦᠵᠡᠭᠦᠯᠵᠡᠢ᠃ ᠸᠧᠢ᠌ᠲ᠋ᠮᠠᠨ ᠤ ᠪᠢᠷ ᠳᠤᠤᠷᠠᠬᠢ 《ᠰᠦᠨᠡᠰᠦ》ᠨᠢ ᠮᠤᠬᠤᠷ ᠪᠢᠰᠢᠷᠡᠯ᠂ ᠱᠠᠰᠢᠨ ᠰᠢᠲᠦᠯᠭᠡ ᠳᠡᠬᠢ ᠰᠦᠨᠡᠰᠦ ᠡᠴᠡ ᠤᠭᠤᠭᠠᠳᠠ ᠢᠯᠭᠠᠭᠠᠲᠠᠢ᠃ ᠲᠡᠷᠡ ᠨᠢ ᠨᠢᠭᠡ ᠵᠤᠢ᠌ᠯ ᠤᠨ ᠪᠡᠯᠭᠡᠳᠡᠭᠰᠢ ᠪᠡᠶ᠎ᠡ᠂ ᠬᠤᠷᠤ᠎ᠠ ᠪᠠ ᠪᠢᠴᠢᠯ ᠢ ᠨᠢᠭᠡᠳᠭᠡᠭ᠍ᠰᠡᠨ ᠠᠬᠤᠯᠬᠤᠨ ᠮᠦᠨ᠃ ᠰᠢᠯᠦᠭ ᠲᠦ 《ᠰᠦᠨᠡᠰᠦᠨ》᠋ ᠦ ᠣᠷᠤᠰᠢᠬᠤᠢ ᠨᠢ ᠭᠠᠭᠴᠠᠭᠠᠷᠳᠠᠮᠠᠯ ᠪᠢᠰᠢ᠂ 《ᠰᠦᠨᠡᠰᠦᠨ》᠋ ᠳᠦ 《ᠮᠠᠬᠠᠪᠤᠳ》᠂ 《ᠪᠠᠢ᠌ᠭᠠᠯᠢ》ᠪᠠ 《ᠵᠤᠷᠢᠭ ᠰᠠᠨᠠᠭ᠎ᠠ》ᠠᠬᠤᠯᠤᠭᠳᠠᠵᠤ᠂ 《ᠡᠪᠡᠰᠦ ᠨᠠᠪᠴᠢ ᠶᠢᠨ ᠲᠡᠭᠦᠪᠦᠷᠢ》᠋ ᠶᠢᠨ ᠠᠭᠤᠯᠭ᠎ᠠ ᠬᠡᠯᠪᠡᠷᠢ ᠶᠢᠨ ᠤᠷᠭᠠᠨᠢᠭ ᠤᠶᠠᠯᠳᠤᠯ ᠢ ᠪᠡᠶᠡᠯᠭᠦᠯᠵᠦ᠂ ᠡᠭᠦᠨ ᠦ ᠤᠯᠠᠮ ᠠᠴᠠ ᠲᠡᠭᠦᠪᠦᠷᠢ ᠳᠦ ᠢᠯᠡᠷᠡᠭᠰᠡᠨ ᠠᠷᠠᠳᠴᠢᠯᠠᠯ᠂ ᠡᠷᠬᠡ ᠴᠢᠯᠦᠭᠡ᠂ ᠪᠠᠶᠠᠰᠤᠩ᠋ᠭᠤᠢ ᠪᠠᠢ᠌ᠯᠳᠤᠭᠠᠴᠢ ᠵᠤᠷᠢᠭ ᠰᠠᠨᠠᠭ᠎ᠠ ᠶᠢ ᠮᠠᠭᠲᠠᠨ ᠳᠠᠭᠤᠯᠠᠪᠠ ᠭᠡᠵᠦ ᠦᠵᠡᠭᠰᠡᠨ ᠪᠠᠢ᠌ᠨ᠎ᠠ᠃
Original Literature No Original Paper
出自 内蒙古大学学报 1995年 第2期

联系我们


内蒙古大学图书馆
呼和浩特市大学西路235号
中国·内蒙古
P: (0471) 4992561
E: huangfeilong@imu.edu.cn