Title |
ᠣᠷᠤᠰᠢᠬᠤ ᠦᠭᠦᠯᠡᠪᠦᠷᠢ ᠶᠢᠨ ᠤᠳᠬ᠎ᠠ ᠶᠢᠨ ᠪᠦᠲᠦᠴᠡ ᠶᠢᠨ ᠪᠦᠷᠢᠯᠳᠦᠯ ᠬᠢᠭᠡᠳ ᠲᠡᠭᠦᠨ ᠦ ᠲᠠᠨᠢᠨ ᠮᠡᠳᠡᠭᠦᠢ ᠶᠢᠨ ᠦᠨᠳᠦᠰᠦᠯᠡᠯ |
Creator |
ᠠᠯᠲᠠᠨᠰᠦ᠋ᠬᠡ |
Keyword |
ᠣᠷᠤᠰᠢᠬᠤ ᠦᠭᠦᠯᠡᠪᠦᠷᠢ; ᠤᠳᠬ᠎ᠠ ᠶᠢᠨ ᠪᠦᠲᠦᠴᠡ; ᠲᠠᠨᠢᠨ ᠮᠡᠳᠡᠭᠦᠢ ᠶᠢᠨ ᠦᠨᠳᠦᠰᠦᠯᠡᠯ |
Abstract |
ᠦᠭᠦᠯᠡᠯ ᠳᠦ ᠲᠠᠨᠢᠨ ᠮᠡᠳᠡᠭᠦᠢ ᠶᠢᠨ ᠲᠠᠯ᠎ᠠ ᠠᠴᠠ ᠣᠷᠤᠰᠢᠬᠤ ᠦᠭᠦᠯᠡᠪᠦᠷᠢ ᠶᠢᠨ ᠤᠳᠬ᠎ᠠ ᠶᠢᠨ ᠪᠦᠲᠦᠴᠡ ᠶᠢᠨ ᠪᠦᠷᠢᠯᠳᠦᠯ ᠦᠨ ᠶᠠᠪᠤᠴᠠ ᠶᠢ ᠰᠢᠨᠵᠢᠯᠡᠵᠡᠢ᠃ ᠣᠷᠤᠰᠢᠬᠤ ᠦᠭᠦᠯᠡᠪᠦᠷᠢ ᠨᠢ ᠶᠠᠮᠠᠷ ᠨᠢᠭᠡᠨ ᠬᠡᠷᠡᠭ ᠪᠤᠳᠠᠰ ᠤᠨ ᠣᠷᠤᠰᠢᠬᠤ᠂ ᠢᠯᠡᠷᠡᠬᠦ᠂ ᠤᠰᠠᠳᠬᠤ ᠶᠠᠪᠤᠴᠠ ᠶᠢ ᠢᠯᠡᠳᠭᠡᠳᠡᠭ᠃ ᠣᠷᠤᠰᠢᠬᠤ ᠦᠭᠦᠯᠡᠪᠦᠷᠢ ᠶᠢᠨ ᠤᠳᠬ᠎ᠠ ᠶᠢᠨ ᠪᠦᠲᠦᠴᠡ ᠨᠢ ᠣᠷᠤᠰᠢᠬᠤ ᠣᠷᠤᠨ᠂ ᠣᠷᠤᠰᠢᠬᠤ ᠪᠤᠳᠠᠰᠴᠢ ᠴᠤᠭᠴᠠ᠂ ᠣᠷᠤᠰᠢᠬᠤ ᠤᠳᠬ᠎ᠠ ᠶᠢ ᠢᠯᠡᠳᠭᠡᠭ᠍ᠰᠠᠡᠨ ᠦᠢᠯᠡ ᠦᠭᠡ ᠪᠤᠶᠤ ᠰᠤᠯᠠ ᠦᠭᠡ ᠵᠡᠷᠭᠡ ᠪᠡᠷ ᠪᠦᠷᠢᠯᠳᠦᠳᠡᠭ᠃ ᠣᠷᠤᠰᠢᠬᠤ ᠦᠭᠦᠯᠡᠪᠦᠷᠢ ᠶᠢᠨ ᠤᠳᠬ᠎ᠠ ᠶᠢᠨ ᠪᠦᠲᠦᠴᠡ ᠶᠢᠨ ᠪᠦᠷᠢᠯᠳᠦᠯ ᠨᠢ ᠲᠠᠨᠢᠨ ᠮᠡᠳᠡᠭᠦᠢ ᠶᠢᠨ ᠦᠨᠳᠦᠰᠦᠯᠡᠯ ᠲᠡᠢ ᠪᠠᠢ᠌ᠵᠤ᠂ ᠣᠷᠤᠰᠢᠬᠤ ᠣᠷᠤᠨ ᠢᠶᠠᠷ ᠠᠬᠤᠢ ᠦᠵᠡᠭᠳᠡᠯ ᠪᠤᠯᠭᠠᠵᠤ᠂ ᠣᠷᠤᠰᠢᠬᠤ ᠬᠡᠷᠡᠭ ᠪᠤᠳᠠᠰ ᠢ ᠳᠤᠪᠤᠢ᠌ᠯᠭᠠᠨ ᠲᠠᠨᠢᠭᠰᠠᠨ ᠬᠦᠮᠦᠨ ᠦ ᠲᠠᠨᠢᠨ ᠮᠡᠳᠡᠭᠦᠢ ᠶᠢᠨ ᠠᠷᠭ᠎ᠠ ᠠᠷᠢᠯ ᠨᠢ ᠬᠡᠯᠡᠨ ᠳᠦ ᠳᠤᠰᠬᠠᠭᠳᠠᠭᠰᠠᠨ ᠶᠠᠪᠤᠳᠠᠯ ᠪᠤᠯᠤᠨ᠎ᠠ ᠭᠡᠵᠦ ᠦᠵᠡᠭᠰᠡᠨ ᠪᠠᠢ᠌ᠨ᠎ᠠ᠃ |
Original Literature |
View Original Paper
|
出自 |
蒙古学研究
2012年
第1期
|