Abstract |
ᠲᠣᠮᠳᠠᠳᠤ ᠤᠯᠤᠰ ᠲᠤ ᠬᠠᠳᠠᠭᠠᠯᠠᠭᠳᠠᠵᠤ ᠪᠠᠢᠢᠭ᠎ᠠ ᠲᠣᠳᠤ ᠦᠰᠦᠭ ᠤᠨ ᠪᠠᠷ ᠤᠨ ᠨᠣᠮ ᠲᠠᠩ ᠲᠣᠭ ᠠ ᠪᠡᠷ ᠨᠡᠢᠢᠲᠡ22᠂ᠲᠠᠪᠬᠤᠷᠳᠠᠭᠰᠠᠨ ᠲᠣᠭ᠋ ᠠ ᠪᠡᠷ ᠨᠡᠢᠢᠲᠡ 32ᠬᠣᠪᠢ ᠣᠯᠳᠠᠭᠠᠳ ᠪᠣᠢ᠃ ᠡᠭᠦᠨᠴᠡ ᠭᠠᠳᠠᠨ᠎ᠠ ᠪᠠᠰᠠ ᠮᠠᠨ ᠤ ᠪᠠᠢᠢᠴᠠᠭᠠᠵᠤ ᠠᠮᠵᠢᠭᠰᠠᠨ ᠦᠭᠡᠢ ᠪᠣᠯᠪᠠᠴᠤ ᠪᠠᠯᠠᠷᠠᠭᠳᠠᠭᠰᠠᠨ ᠴᠢᠮᠡᠭᠡ ᠪᠦᠬᠦᠢ ᠳᠣᠳᠤᠷ ᠪᠠᠰᠠ 5ᠵᠦᠢᠯ ᠮᠡᠳᠡᠭᠳᠡᠭᠡᠳ ᠪᠣᠢ᠋᠃ ᠡᠭᠦᠨ ᠳᠤ ᠮᠠᠨ ᠤ ᠪᠠᠢᠢᠴᠠᠭᠠᠵᠤ ᠠᠮᠵᠢᠭᠰᠠᠨ ᠦᠭᠡᠢ ᠰᠣᠳᠤᠷ ᠢ ᠡᠰᠡ ᠣᠷᠤᠭᠤᠯᠬᠤ ᠳᠤ ᠠᠯᠪᠠᠨ ᠤ ᠬᠠᠳᠠᠭᠠᠯᠠᠮᠵᠢ ᠳᠤ ᠪᠠᠢᠢᠭ᠎ᠠ ᠲᠣᠲᠤ ᠪᠠᠷ ᠲᠠᠩ ᠲᠣᠭ᠎ᠠ ᠪᠡᠷ6᠂ ᠲᠠᠪᠬᠤᠷᠳᠠᠭᠰᠠᠨ ᠲᠣᠭ᠎ᠠ ᠪᠡᠷ 8 ᠬᠣᠪᠢ;ᠬᠣᠪᠢ ᠬᠦᠮᠦᠨ ᠤ ᠬᠠᠳᠠᠭᠠᠯᠠᠮᠵᠢ ᠳᠤ ᠪᠠᠢᠢᠭ᠎ᠠ ᠰᠣᠳᠤᠷ ᠲᠠᠩ ᠲᠣᠭ᠎ᠠ ᠪᠡᠷ16᠂ ᠲᠠᠪᠬᠤᠷᠳᠠᠭᠰᠠᠨ ᠲᠣᠭ᠎ᠠ ᠪᠡᠷ 24 ᠬᠣᠪᠢ ᠣᠯᠳᠠᠵᠤ ᠪᠣᠢ᠃ ᠡᠭᠦᠨ ᠳᠤ ᠬᠣᠪᠢ ᠬᠦᠮᠦᠨ ᠤ ᠬᠠᠳᠠᠭᠠᠯᠠᠮᠵᠢ ᠳᠤ ᠪᠠᠢᠢᠭ᠎ᠠ ᠰᠣᠳᠤᠷ ᠠᠯᠪᠠᠨ ᠤ ᠬᠠᠳᠠᠭᠠᠯᠠᠯᠲᠠ ᠡᠴᠡ ᠲᠠᠬᠢᠨ ᠢᠢᠡᠷ ᠢᠯᠡᠭᠦᠦ᠃ ᠲᠡᠢᠢᠮᠦ ᠮᠦᠷᠲᠡᠭᠡᠨ ᠬᠣᠪᠢ ᠬᠦᠮᠦᠨ ᠤ ᠬᠠᠳᠠᠭᠠᠯᠠᠮᠵᠢ ᠳᠤ ᠪᠠᠢᠢᠭ᠎ᠠ ᠲᠡᠳᠡᠭᠡᠷ ᠰᠣᠳᠤᠷ ᠤᠳ1999ᠣᠨ ᠳᠤ ᠬᠡᠪᠯᠡᠭᠳᠡᠭᠰᠡᠨ《ᠲᠤᠮᠳᠠᠳᠤ ᠤᠯᠤᠰ ᠤᠨ ᠡᠷᠲᠡᠨ ᠤ ᠮᠣᠩᠭ᠋ᠤᠯ ᠨᠣᠮ ᠪᠢᠴᠢᠭ᠌ ᠤᠨ ᠶᠡᠷᠦᠩᠬᠡᠢ ᠭᠠᠷᠴᠠᠭ》 ᠵᠡᠷᠭᠡ ᠣᠳᠣ ᠪᠣᠯᠲᠠᠯ ᠠ ᠬᠡᠪᠯᠡᠭᠲᠡᠭᠰᠡᠨ ᠰᠣᠳᠤᠷ ᠨᠣᠮ ᠤᠨ ᠭᠠᠷᠴᠠᠭ ᠪᠦᠷᠢᠳᠭᠡᠯ ᠳᠤ ᠶᠡᠷᠦ ᠡᠴᠡ ᠣᠷᠤᠭ᠎ᠠ ᠦᠭᠡᠢ ᠪᠠᠷ ᠤᠨ ᠨᠣᠮ ᠤᠳ ᠪᠠᠢᠭ᠎ᠠ ᠶᠣᠮ᠃ ᠨᠡᠭᠡᠯᠡ ᠦᠭᠡ ᠪᠡᠷ ᠬᠡᠯᠡᠪᠡᠯ ᠡᠳᠡᠭᠡᠷ ᠰᠣᠳᠤᠷ ᠤᠳ ᠰᠣᠳᠤᠯᠭᠠᠨ ᠤ ᠠᠰᠢᠭᠯᠠᠯᠲᠠ ᠳᠤ ᠣᠭᠲᠤ ᠣᠷᠤᠭ᠎ᠠ ᠦᠭᠡᠢ ᠬᠡᠪ ᠢᠢᠡᠷ ᠪᠦᠭᠡᠳ ᠣᠯᠠᠩᠬᠢ ᠨᠢ ᠭᠠᠭᠴᠠ ᠭᠠᠭᠴᠠ ᠬᠣᠪᠢ ᠬᠠᠳᠠᠭᠠᠯᠠᠭᠳᠠᠵᠤ ᠪᠠᠢᠢᠭ᠎ᠠ ᠲᠤᠯᠠ ᠭᠡᠭᠡᠭ᠍ᠳᠡᠬᠦ ᠠᠶᠤᠯ ᠴᠤ ᠣᠷᠤᠰᠢᠵᠤ ᠪᠣᠢ᠃ ᠲᠡᠢᠢᠨ ᠬᠦ ᠤᠭ ᠰᠣᠳᠤᠷ ᠤᠳ ᠢ ᠭᠡᠷᠡᠯ ᠵᠢᠷᠤᠭ ᠢᠢᠡᠷ ᠬᠡᠪᠯᠡᠭᠦᠯᠬᠦ ᠠᠵᠢᠯ ᠮᠠᠰᠢ ᠴᠢᠬᠤᠯᠠ ᠭᠡᠳᠡᠭ ᠢ ᠣᠨᠴᠠᠭᠠᠢᠢᠯᠠᠨ ᠲᠡᠮᠳᠡᠭᠯᠡᠶ ᠡ᠃ ᠪᠡᠳᠡ ᠣᠳᠤ ᠡᠳᠡᠭᠡᠷ ᠪᠡᠷ ᠤᠨ ᠨᠣᠮ ᠤᠳ ᠢ ᠭᠡᠷᠡᠯ ᠵᠢᠷᠤᠭ ᠢᠢᠡᠷ ᠬᠡᠪᠯᠡᠭᠦᠯᠬᠦ ᠪᠡᠷ ᠪᠡᠯᠡᠳᠭᠡᠵᠦ ᠪᠠᠢᠢᠨ᠎ᠠ᠃ |