Paper Information


Title 《ᠬᠠᠷ᠎ᠠ ᠦᠭᠡᠷᠲᠦ ᠬᠦᠪᠡᠭᠦᠨ ᠦ ᠦᠯᠢᠭᠡᠷ》 ᠦᠨ ᠠᠮᠠᠨ ᠪᠤᠯᠤᠨ ᠪᠢᠴᠢᠮᠡᠯ ᠲᠧᠺᠰᠲ ᠦᠳ ᠦᠨ ᠬᠠᠷᠢᠴᠠᠭᠤᠯᠤᠯ
Creator ᠭᠡᠷᠡᠯ
Keyword ᠬᠠᠷ᠎ᠠ ᠦᠬᠡᠷᠲᠦ ᠬᠦᠪᠡᠭᠦᠨ ᠦ ᠦᠯᠢᠭᠡᠷ; ᠠᠮᠠᠨ; ᠪᠢᠴᠢᠮᠡᠯ ᠲᠧᠺᠰᠲ; ᠪᠠᠭᠰᠢ; ᠠᠷᠭᠠᠴᠢ
Abstract ᠬᠦᠮᠦᠨ ᠲᠦᠷᠦᠯᠬᠢᠲᠡᠨ ᠦ ᠤᠷᠠᠨ ᠵᠤᠬᠢᠶᠠᠯ ᠤᠨ ᠲᠡᠦᠬᠡᠨ ᠳᠡᠭᠡᠷ᠎ᠡ ᠠᠮᠠᠨ ᠵᠤᠬᠢᠶᠠᠯ ᠢ ᠨᠠᠢᠷᠠᠭᠤᠯᠤᠭᠠᠳ ᠪᠢᠴᠢᠭ ᠦᠨ ᠵᠤᠬᠢᠶᠠᠯ ᠪᠤᠯᠭᠠᠭᠰᠠᠨ᠂ ᠪᠢᠴᠢᠭ ᠦᠨ ᠵᠤᠬᠢᠶᠠᠯ ᠨᠢ ᠠᠷᠠᠳ ᠤᠨ ᠳᠤᠮᠳᠠ ᠠᠮᠠ ᠪᠠᠷ ᠳᠡᠯᠭᠡᠷᠡᠵᠦ ᠶᠠᠪᠤᠭᠰᠠᠭᠠᠷ ᠪᠠᠢᠭᠠᠳ ᠠᠮᠠᠨ ᠵᠤᠬᠢᠶᠠᠯ ᠪᠤᠯᠤᠭᠰᠠᠨ ᠵᠢᠱᠢᠶ᠎ᠡ ᠲᠤᠩ ᠣᠯᠠᠨ ᠪᠠᠢᠳᠠᠭ᠃ ᠡᠭᠦᠨ ᠦ ᠳᠤᠲᠤᠷ᠎ᠠ 《ᠬᠠᠷ᠎ᠠ ᠦᠬᠡᠷᠲᠦ ᠬᠦᠪᠡᠭᠦᠨ ᠦ ᠦᠯᠢᠭᠡᠷ》 ᠢ ᠳᠤᠷᠠᠳᠴᠤ ᠪᠤᠯᠤᠨ᠎ᠠ᠃ 《ᠬᠠᠷ᠎ᠠ ᠦᠬᠡᠷᠲᠦ ᠬᠦᠪᠡᠭᠦᠨ ᠦ ᠦᠯᠢᠭᠡᠷ》 ᠪᠤᠯ ᠬᠠᠷ᠎ᠠ ᠦᠬᠡᠷ ᠤᠨᠤᠭᠰᠠᠨ ᠪᠢᠴᠢᠬᠠᠨ ᠬᠦᠪᠡᠭᠦᠨ ᠪᠤᠯᠤᠨ ᠤᠯᠤᠰ ᠤᠨ ᠪᠠᠭᠰᠢ (ᠺᠦᠩᠽᠢ) ᠶᠢᠨ ᠬᠠᠷᠢᠯᠴᠠᠨ ᠰᠡᠴᠡᠯᠡᠭᠰᠡᠨ ᠦᠯᠢᠭᠡᠷ ᠪᠤᠯᠤᠨ᠎ᠠ᠃ ᠲᠤᠰ ᠦᠯᠢᠭᠡᠷ ᠦᠨ ᠤᠤᠷ ᠳᠦᠷᠰᠦ ᠪᠤᠯ ᠳᠠᠷᠤᠢ ᠬᠢᠲᠠᠳ ᠦᠨᠳᠦᠰᠦᠲᠡᠨ ᠦ 《ᠺᠦᠩᠽᠢ ᠪᠤᠯᠤᠨ ᠰᠢᠶᠠᠩ ᠲᠦᠸᠧ ᠶᠢᠨ ᠬᠠᠷᠢᠯᠴᠠᠨ ᠠᠰᠠᠭᠤᠯᠴᠠᠭᠰᠠᠨ ᠪᠢᠴᠢᠭ》 ᠲᠡᠬᠢ ᠦᠯᠢᠭᠡᠷ ᠪᠤᠯᠤᠨ᠎ᠠ᠃ ᠲᠤᠰ ᠦᠯᠢᠭᠡᠷ ᠦᠨ ᠬᠠᠮᠤᠭ ᠤᠨ ᠠᠩᠬᠠᠨ ᠤ ᠤᠤᠷ ᠳᠦᠷᠰᠦ ᠨᠢ ᠣᠳᠣ ᠠᠴᠠ 2000 ᠭᠠᠷᠤᠢ ᠵᠢᠯ ᠦᠨ ᠡᠮᠦᠨ᠎ᠡ ᠨᠢᠭᠡᠨᠲᠡ ᠪᠦᠷᠢᠯᠳᠦᠨ᠂ ᠤᠷᠲᠤ ᠤᠳᠠᠭᠠᠨ ᠵᠢᠯ ᠤᠯᠠᠮᠵᠢᠯᠠᠭᠳᠠᠬᠤ ᠳᠠᠭᠠᠨ ᠳᠠᠩ ᠴᠤᠯᠭᠤᠢ ᠦᠢᠯᠡ ᠶᠠᠪᠤᠳᠠᠯ ᠲᠠᠢ ᠦᠯᠢᠭᠡᠷ ᠡᠴᠡ ᠪᠡᠨ ᠣᠯᠠᠨ ᠠᠷᠪᠢᠨ ᠦᠢᠯᠡ ᠶᠠᠪᠤᠳᠠᠯ ᠪᠦᠬᠦᠢ ᠨᠡᠯᠢᠶᠡᠳ ᠪᠦᠷᠢᠨ ᠪᠦᠲᠦᠨ ᠬᠡᠪ ᠰᠢᠨᠵᠢᠭᠰᠡᠨ ᠦᠯᠢᠭᠡᠷ ᠪᠯᠤᠤᠨ ᠬᠦᠭᠵᠢᠭᠰᠡᠨ ᠪᠠᠢᠨ᠎ᠠ᠃ ᠲᠡᠷᠡ ᠨᠢ ᠠᠩᠬ᠎ᠠ ᠡᠬᠢᠯᠡᠨ ᠬᠢᠲᠠᠳ ᠦᠨᠳᠦᠰᠦᠲᠡᠨ ᠦ ᠳᠤᠮᠳᠠ ᠵᠤᠬᠢᠶᠠᠭᠳᠠᠨ ᠤᠯᠠᠮᠵᠢᠯᠠᠭᠳᠠᠭᠠᠳ ᠠᠭᠠᠵᠢᠮ ᠢᠶᠠᠷ ᠲᠦᠪᠡᠳ᠂ ᠮᠣᠩᠭᠤᠯ ᠵᠡᠷᠭᠡ ᠦᠨᠳᠦᠰᠦᠲᠡᠨ ᠦ ᠳᠤᠮᠳᠠ ᠬᠠᠭᠤᠯᠤᠮᠠᠯ ᠳᠡᠪᠲᠡᠷ ᠦᠨ ᠬᠡᠯᠪᠡᠷᠢ ᠪᠤᠶᠤ ᠠᠮᠠᠨ ᠤᠯᠠᠮᠵᠢᠯᠠᠯ ᠤᠨ ᠰᠢᠨᠵᠢ ᠲᠡᠢ ᠪᠡᠷ ᠤᠯᠠᠮᠵᠢᠯᠠᠨ ᠶᠠᠷᠢᠭᠳᠠᠬᠤ ᠶᠠᠪᠤᠴᠠ ᠳᠠᠭᠠᠨ ᠲᠤᠬᠠᠢ ᠶᠢᠨ ᠦᠨᠳᠦᠰᠦᠲᠡᠨ ᠪᠤᠶᠤ ᠣᠷᠤᠨ ᠨᠤᠲᠤᠭ ᠤᠨ ᠰᠤᠶᠤᠯ ᠤᠨ ᠦᠩᠭᠡ ᠠᠶᠠᠰ ᠲᠠᠢ ᠪᠤᠯᠵᠤ᠂ ᠲᠡᠷᠡ ᠬᠦ ᠦᠨᠳᠦᠰᠦᠲᠡᠨ᠂ ᠣᠷᠤᠨ ᠨᠤᠲᠤᠭ ᠤᠨ ᠰᠤᠶᠤᠯ ᠤᠨ ᠳᠤᠮᠳᠠ ᠢᠳᠡᠭᠡᠰᠢᠨ ᠲᠠᠯᠠᠰᠵᠢᠭᠰᠠᠨ ᠪᠠᠢᠨ᠎ᠠ᠃
Original Literature View Original Paper
出自 中国蒙古学 2015年 第3期

联系我们


内蒙古大学图书馆
呼和浩特市大学西路235号
中国·内蒙古
P: (0471) 4992561
E: huangfeilong@imu.edu.cn