Abstract |
ᠠᠢᠨᠵᠠᠨᠨᠠᠰᠢ ᠶᠢᠨ ᠵᠣᠬᠢᠶᠠᠭᠰᠠᠨ《ᠨᠢᠭᠡᠨ ᠲᠠᠪᠬᠤᠷ ᠠᠰᠠᠷ》ᠲᠤ 50 ᠭᠠᠷᠤᠢ ᠣᠨᠢᠰᠤᠭ᠋ ᠠ ᠪᠠᠢᠢᠳᠠᠭ᠃ ᠦᠭᠦᠯᠡᠯ ᠳᠤ 《ᠨᠢᠭᠡᠨ ᠲᠠᠪᠬᠤᠷ ᠠᠰᠠᠷ》 ᠤᠨ ᠭᠤᠷᠪᠠᠨ ᠵᠦᠢᠯ ᠤᠨ ᠭᠠᠷ ᠪᠴᠢᠢᠮᠡᠯ ᠂ ᠲᠦᠷᠪᠷᠨ ᠵᠦᠢᠯ ᠤᠨ ᠪᠠᠷ ᠬᠡᠪᠯᠡᠯ ᠢ ᠠᠰᠢᠭᠯᠠᠵᠤ ᠡᠳᠡᠭᠡᠷ ᠣᠨᠤᠰᠤᠭ᠋ ᠠ ᠶᠢᠨ ᠲᠣᠭ᠋ ᠠ᠂ ᠨᠦᠯᠦᠭᠡ ᠦᠢᠯᠡᠳᠦᠯ ᠵᠡᠷᠭᠡ ᠵᠢ ᠰᠢᠨᠵᠢᠯᠡᠬᠦ ᠪᠡᠷ ᠲᠠᠮᠵᠢᠵᠤ᠂ 《ᠨᠢᠭᠡᠨ ᠲᠠᠪᠬᠤᠷ ᠠᠰᠠᠷ》 ᠤᠨᠣᠣᠯ ᠡᠭᠡ ᠳᠤᠨᠡᠢᠢᠲᠠ 55 ᠣᠨᠤᠰᠤᠭ᠋ ᠠ ᠪᠠᠢᠢᠭᠰᠠᠨᠪᠦᠭᠡᠳ ᠴᠢᠩ ᠤᠯᠤᠰ ᠤᠨ ᠬᠡᠪᠲᠦ ᠶᠣᠰᠤᠲᠤ ᠶᠢᠨ ᠭᠤᠷᠪᠠᠳᠤᠭᠠᠷ ᠣᠨ᠂ ᠴᠠᠭᠠᠭᠴᠢᠨ ᠭᠠᠬᠠᠢ ᠵᠢᠯ(1911)ᠳᠤ ᠷᠤᠵᠤᠮᠪᠠ ᠶᠢᠨ ᠰᠢᠢᠷᠡᠭᠦᠯᠦᠭᠰᠡᠨ ᠦᠰᠦᠨ ᠪᠢᠷ ᠢᠢᠡᠷ ᠪᠢᠴᠢᠮᠡᠯ᠂1938ᠣᠨ ᠤ ᠴᠢᠯᠠᠭᠤᠨ ᠪᠡᠷ ᠬᠢᠭᠡᠳ 1957.1978.2009ᠣᠨ ᠤ ᠪᠠᠷ ᠬᠡᠪᠯᠡᠯ ᠳᠤ ᠨᠢᠭᠡ ᠣᠨᠢᠰᠤᠭ᠋ ᠠ ᠵᠢ ᠣᠷᠬᠢᠭᠳᠠᠭᠤᠯᠤᠭᠰᠠᠨ ᠪᠠᠢᠢᠨ᠌ ᠠ ᠭᠡᠳᠡᠭ ᠢ ᠲᠣᠲᠤᠯᠠᠪᠠ᠃ ᠡᠭᠦᠨ ᠤ ᠬᠠᠮᠳᠤ ᠡᠳᠡᠭᠡᠷ ᠣᠨᠢᠰᠤᠭ᠋ ᠠ ᠨᠢ ᠨᠢᠭᠡᠨ ᠲᠠᠪᠬᠤᠷ ᠠᠰᠠᠷ》 ᠤᠨ ᠲᠦᠷᠢ ᠶᠢᠨ ᠵᠠᠩ ᠴᠢᠨᠠᠷ ᠢ ᠲᠣᠪᠣᠢᠢᠯᠭᠠᠬᠤ᠂ ᠦᠢᠯᠡ ᠶᠠᠪᠤᠳᠠᠯ ᠢ ᠰᠢᠵᠢᠮᠯᠡᠬᠦ ᠵᠢᠴᠢ ᠮᠣᠩᠭᠤᠯ ᠠᠷᠠᠳ ᠤᠨ ᠣᠨᠢᠰᠤᠭ᠋ ᠠ ᠵᠢ ᠪᠠᠶᠠᠯᠢᠭᠵᠢᠭᠤᠯᠬᠤ ᠳᠤ ᠴᠢᠬᠤᠯᠠ ᠦᠢᠯᠡᠳᠦᠯ ᠦᠵᠡᠭᠦᠯᠦᠭᠰᠡᠡ ᠭᠡᠳᠡᠭ ᠢ ᠦᠨᠡᠯᠡᠨ ᠰᠢᠭᠦᠮᠵᠢᠯᠡᠪᠡ᠃ |