Paper Information


Title 《ᠮᠣᠩᠭᠤᠯ ᠤᠨ ᠨᠢᠭᠤᠴᠠ ᠲᠤᠪᠴᠢᠶᠠᠨ》 ᠳᠠᠬᠢ 《ᠴᠢᠴᠤᠭ᠎ᠠ》 ᠭᠡᠳᠡᠭ ᠦᠭᠡ ᠶᠢᠨ ᠲᠤᠬᠠᠢ ᠣᠢᠯᠠᠭᠠᠯᠲᠠ ᠶᠢ ᠰᠢᠭᠦᠨ ᠦᠵᠡᠭᠰᠡᠨ ᠨᠢ
Creator ᠵ‍ · ᠬᠦᠷᠡᠯᠪᠠᠭᠠᠲᠤᠷ
Keyword 《ᠮᠣᠩᠭᠤᠯ ᠤᠨ ᠨᠢᠭᠤᠴᠠ ᠲᠤᠪᠴᠢᠶᠠᠨ》; 《ᠴᠢᠴᠤᠭ᠎ᠠ》; ᠪᠠᠭᠳᠠᠨ ᠪᠠᠭᠲᠠᠭᠠᠬᠤ ᠤᠳᠬ᠎ᠠ ᠶᠢᠨ ᠬᠠᠷᠢᠴᠠᠭ᠎ᠠ
Abstract 《ᠴᠢᠴᠤᠭ᠎ᠠ》 ᠭᠡᠳᠡᠭ ᠦᠭᠡ ᠨᠢ 《ᠮᠣᠩᠭᠤᠯ ᠤᠨ ᠨᠢᠭᠤᠴᠠ ᠲᠤᠪᠴᠢᠶᠠᠨ》 ᠤ ᠬᠠᠳᠠᠮᠠᠯ ᠣᠷᠴᠢᠭᠤᠯᠭ᠎ᠠ ᠳᠤ 《鞭子》 ᠭᠡᠬᠦ ᠲᠤᠳᠤᠷᠬᠠᠢ ᠲᠠᠢᠯᠪᠤᠷᠢ ᠲᠠᠢ ᠪᠠᠢᠳᠠᠭ᠃ ᠡᠯᠳᠡᠩᠳᠡᠢ 《ᠮᠣᠩᠭᠤᠯ ᠤᠨ ᠨᠢᠭᠤᠴᠠ ᠲᠤᠪᠴᠢᠶᠠᠨ — ᠰᠡᠢᠷᠡᠭᠦᠯᠦᠯ ᠲᠠᠢᠯᠪᠤᠷᠢ》 ᠳᠠᠭᠠᠨ ᠦᠭᠡᠷ᠎ᠡ ᠲᠠᠢᠯᠪᠤᠷᠢ ᠬᠢᠵᠦ 《ᠲᠠᠰᠢᠭᠤᠷ》 ᠭᠡᠬᠦ ᠣᠢᠯᠠᠭᠠᠯᠲᠠ ᠶᠢ ᠨᠢ ᠲᠠᠰᠢᠶᠠᠷᠠᠭᠰᠠᠨ ᠭᠡᠵᠦ ᠦᠵᠡᠭᠰᠡᠨ ᠡᠴᠡ ᠡᠬᠢᠯᠡᠭᠰᠡᠨ ᠪᠤᠯᠤᠯᠲᠠᠢ ᠲ ᠡᠭᠦᠨ ᠡᠴᠡ ᠬᠤᠢᠰᠢ ᠡᠷᠳᠡᠮᠲᠡᠳ ᠤᠭ ᠦᠭᠡᠨ ᠳᠦ ᠶᠠᠩᠵᠤ ᠪᠦᠷᠢ ᠶᠢᠨ ᠲᠠᠢᠯᠪᠤᠷᠢ ᠶᠢ ᠬᠢᠭᠰᠡᠭᠡᠷ ᠢᠷᠡᠵᠡᠢ᠃ ᠦᠭᠦᠯᠡᠯ ᠳᠦ᠂ 《ᠰᠡᠭᠦᠳᠡᠷ ᠡᠴᠡ ᠪᠤᠰᠤ ᠨᠦᠬᠦᠷ ᠦᠭᠡᠢ᠂ ᠰᠡᠭᠦᠯ ᠡᠴᠡ ᠪᠤᠰᠤ ᠴᠢᠴᠤᠭ᠎ᠠ ᠦᠭᠡᠢ》 ᠭᠡᠬᠦ ᠬᠡᠯᠡᠴᠡ ᠶᠢᠨ ᠢᠵᠢ ᠪᠦᠷᠢᠯᠳᠦᠭᠦᠨ ᠦᠭᠡ ᠨᠦᠬᠦᠳ᠂ ᠲᠤᠬᠠᠢᠯᠠᠪᠠᠯ 《ᠰᠡᠭᠦᠳᠡᠷ》 ᠬᠢᠭᠡᠳ 《ᠨᠦᠬᠦᠷ》᠂ 《ᠰᠡᠭᠦᠯ》 ᠪᠡ 《ᠴᠢᠴᠤᠭ᠎ᠠ》 ᠨᠢ ᠪᠠᠭᠲᠠᠨ ᠪᠠᠭᠲᠠᠭᠠᠬᠤ ᠤᠳᠬ᠎ᠠ ᠶᠢᠨ ᠬᠠᠷᠢᠴᠠᠭ᠎ᠠ ᠳᠤ ᠪᠤᠢ ᠭᠡᠵᠦ ᠦᠵᠡᠭᠡᠳ ᠪᠦᠷᠢᠯᠳᠦᠭᠦᠨ ᠦᠭᠡ 《ᠴᠢᠴᠤᠭ᠎ᠠ》 ᠶᠢᠨ ᠲᠤᠬᠠᠢ ᠦᠩᠭᠡᠷᠡᠭᠰᠡᠨ ᠦ ᠣᠢᠯᠠᠭᠠᠯᠲᠠ ᠨᠤᠭᠤᠳ ᠢ ᠤᠭ ᠬᠠᠷᠢᠴᠠᠭ᠎ᠠ ᠳᠤ ᠲᠠᠯᠪᠢᠵᠤ ᠵᠦᠪ ᠡᠰᠡᠭᠦ ᠶᠢ ᠨᠢ ᠰᠢᠯᠭᠠᠭᠰᠠᠨ ᠤ ᠡᠴᠦᠰ ᠲᠤ 《ᠴᠢᠴᠤᠭ᠎ᠠ》 ᠨᠢ 《ᠲᠠᠰᠢᠭᠤᠷ》 ᠪᠠᠢᠬᠤ ᠶᠤᠰᠤᠲᠠᠢ ᠭᠡᠬᠦ ᠳ᠋ᠦᠩᠨᠡᠯᠲᠡ ᠶᠢ ᠭᠠᠷᠭᠠᠵᠠᠢ᠃
Original Literature View Original Paper
出自 中国蒙古学 2016年 第2期

联系我们


内蒙古大学图书馆
呼和浩特市大学西路235号
中国·内蒙古
P: (0471) 4992561
E: huangfeilong@imu.edu.cn