Abstract |
2011 ᠣᠨ ᠳᠤ ᠮᠣᠩ᠋ᠭᠤᠯ ᠲᠤᠤᠯᠢ ᠰᠤᠳᠤᠯᠤᠯ ᠤᠨ ᠲᠤᠬᠠᠢ ᠦᠭᠦᠯᠡᠯ ᠵᠤᠬᠢᠶᠠᠯ ᠨᠡᠢ᠌ᠲᠡ 45 ᠬᠤᠪᠢ ᠨᠡᠢ᠋ᠲᠡᠯᠡᠭᠳᠡᠭᠰᠡᠨ ᠪᠠᠢ᠌ᠨ᠎ᠠ᠃ ᠡᠭᠦᠨ ᠳᠦ 《ᠵᠠᠩ᠋ᠭᠠᠷ》ᠰᠤᠳᠤᠯᠤᠯ ᠤᠨ ᠦᠭᠦᠯᠡᠯ 16 ᠬᠤᠪᠢ᠂ 《ᠭᠡᠰᠡᠷ》ᠰᠤᠳᠤᠯᠤᠯ ᠤᠨ ᠦᠭᠦᠯᠡᠯ 8 ᠬᠤᠪᠢ᠂ ᠤᠬᠤᠷ ᠳᠤᠮᠳᠠ ᠲᠤᠤᠯᠢᠰ ᠤᠨ ᠰᠤᠳᠤᠯᠤᠯ ᠤᠨ ᠦᠭᠦᠯᠡᠯ 6 ᠬᠤᠪᠢ᠂ ᠲᠤᠤᠯᠢ ᠶᠢᠨ ᠣᠷᠴᠢᠭᠤᠯᠭ᠎ᠠ ᠰᠤᠳᠤᠯᠤᠯ ᠤᠨ ᠦᠭᠦᠯᠡᠯ 6 ᠬᠤᠪᠢ᠂ ᠶᠡᠷᠦᠩ᠋ᠬᠡᠢ᠌ᠯᠡᠭᠰᠡᠨ ᠰᠤᠳᠤᠯᠤᠯ ᠤᠨ ᠦᠭᠦᠯᠡᠯ 9 ᠬᠤᠪᠢ ᠨᠡᠢ᠌ᠲᠡᠯᠡᠭᠳᠡᠵᠡᠢ᠃ ᠵᠤᠬᠢᠶᠠᠭᠴᠢ ᠶᠢᠨ ᠬᠤᠪᠢ ᠳᠤ ᠨᠡᠢ᠌ᠲᠡ 35 ᠬᠦᠮᠦᠨ ᠪᠠᠢ᠌ᠵᠤ᠂ ᠣᠯᠠᠩᠭᠢ ᠨᠢ ᠶᠡᠬᠡ ᠳᠡᠭᠡᠳᠦ ᠰᠤᠷᠭᠠᠭᠤᠯᠢ ᠶᠢᠨ ᠪᠠᠭᠰᠢ ᠰᠤᠷᠤᠭᠴᠢ ᠬᠢᠭᠡᠳ ᠡᠷᠳᠡᠮ ᠰᠢᠨᠵᠢᠯᠡᠭᠡᠨ ᠦ ᠪᠠᠢ᠌ᠭᠤᠯᠭ᠎ᠠ ᠶᠢᠨ ᠠᠵᠢᠯᠲᠠᠨ ᠪᠠᠢ᠌ᠪᠠ᠃ ᠦᠭᠡ ᠬᠡᠯᠡ ᠦᠰᠦᠭ ᠪᠢᠴᠢᠭ᠌ ᠦᠨ ᠬᠤᠪᠢ ᠳᠤ 28 ᠦᠭᠦᠯᠡᠯ ᠨᠢ ᠮᠣᠩ᠋ᠭᠤᠯ ᠢᠶᠠᠷ ᠪᠢᠴᠢᠭᠳᠡᠵᠦ᠂ 17 ᠦᠭᠦᠯᠡᠯ ᠨᠢ ᠬᠢᠲᠠᠳ ᠢᠶᠠᠷ ᠪᠢᠴᠢᠭᠳᠡᠭᠰᠡᠨ ᠪᠠᠢ᠌ᠨ᠎ᠠ᠃ ᠦᠭᠡᠷ᠎ᠡ ᠪᠡᠷ ᠬᠡᠯᠡᠪᠡᠯ᠂ ᠮᠣᠩ᠋ᠭᠤᠯ ᠲᠤᠤᠯᠢ ᠰᠤᠳᠤᠯᠤᠯ ᠤᠨ ᠦᠭᠦᠯᠡᠯ ᠵᠤᠬᠢᠶᠠᠯ ᠤᠨ 62% ᠨᠢ ᠮᠣᠩ᠋ᠭᠤᠯ ᠢᠶᠠᠷ ᠲᠤᠭᠤᠷᠪᠢᠭᠳᠠᠭᠰᠠᠨ ᠪᠠᠢ᠌ᠯ᠎ᠠ᠃ ᠰᠡᠳᠭᠦᠯ ᠦᠨ ᠬᠤᠪᠢ ᠳᠤ ᠤᠯᠤᠰ ᠤᠨ ᠳᠤᠲᠤᠭᠠᠳᠤ ᠳᠤ ᠢᠯᠡ ᠪᠡᠷ ᠲᠠᠷᠬᠠᠭᠠᠭᠳᠠᠵᠤ ᠪᠠᠢ᠌ᠬᠤ ᠮᠣᠩ᠋ᠭᠤᠯ ᠬᠢᠲᠠᠳ ᠬᠡᠯᠡᠨ ᠦ ᠰᠡᠳᠭᠦᠯ ᠦᠨ ᠳᠤᠲᠤᠷ᠎ᠠ ᠨᠡᠢ᠌ᠲᠡ 23 ᠰᠡᠳᠭᠦᠯ ᠳᠦ ᠨᠡᠢ᠌ᠲᠡᠯᠡᠭᠳᠡᠭᠰᠡᠨ ᠪᠦᠭᠡᠳ ᠡᠭᠦᠨ ᠳᠦ ᠬᠠᠮᠤᠭ ᠣᠯᠠᠨ ᠦᠭᠦᠯᠡᠯ ᠨᠡᠢ᠌ᠲᠡᠯᠡᠭᠳᠡᠭᠰᠡᠨ ᠨᠢ 《ᠳᠤᠮᠳᠠᠳᠤ ᠤᠯᠤᠰ ᠤᠨ ᠮᠣᠩ᠋ᠭᠤᠯ ᠰᠤᠳᠤᠯᠤᠯ》ᠰᠡᠳᠭᠦᠯ ᠪᠠᠢ᠌ᠵᠤ᠂ ᠳᠠᠷᠠᠭᠠᠯᠠᠪᠠᠯ 《ᠪᠠᠷᠠᠭᠤᠨ ᠮᠣᠩ᠋ᠭᠤᠯ ᠰᠤᠳᠤᠯᠤᠯ》ᠰᠡᠳᠭᠦᠯ ᠣᠷᠤᠵᠤ ᠪᠠᠢ᠌ᠨ᠎ᠠ᠃ |