Title |
ᠦᠯᠢᠭᠡᠷᠲᠦ ᠲᠠᠭᠤᠤ ᠴᠣᠯ ᠣᠷᠠᠨ ᠵᠣᠬᠢᠶᠠᠯ ᠪᠢᠰᠢ— ᠲᠤᠭᠯᠠᠯᠲᠠ ᠶᠢᠨ ᠬᠠᠷᠭᠠᠰᠤ ᠡᠴᠡ ᠦᠯᠢᠭᠡᠷᠲᠦ ᠲᠠᠭᠤᠤ ᠵᠢ ᠲᠠᠬᠢᠨ ᠲᠠᠨᠢᠬᠤ ᠨᠢ |
Creator |
ᠰᠠᠢᠢᠵᠢᠷᠠᠬᠤ |
Keyword |
ᠦᠯᠢᠭᠡᠷᠲᠦ ᠲᠠᠭᠤᠤ᠌; ᠣᠷᠠᠨ ᠵᠣᠬᠢᠶᠠᠯ; ᠲᠣᠭᠯᠠᠯᠲᠠ |
Abstract |
ᠦᠯᠢᠭᠷᠲᠦ ᠲᠠᠭᠤᠤ ᠵᠢ ᠤᠷᠠᠨ ᠵᠣᠬᠢᠶᠠᠯ ᠤᠨ ᠲᠡᠦᠬᠡ ᠳᠤ ᠣᠷᠤᠭᠤᠯᠤᠨ ᠦᠵᠡᠬᠦ ᠨᠢ ᠬᠡᠯᠡᠯᠭᠡᠨ ᠦᠭᠡᠢ ᠦᠯᠢᠭᠡᠷᠲᠦ ᠲᠠᠭᠤᠤ ᠵᠢ ᠠᠮᠠᠨ ᠵᠣᠬᠢᠶᠠᠯ ᠢᠢᠡᠷ ᠦᠵᠡᠬᠦ ᠦᠵᠡᠯᠲᠠ ᠣᠢᠢᠯᠭᠠᠯᠲᠠ ᠡᠴᠡ ᠡᠰᠢ ᠲᠠᠢ᠃ᠭᠡᠪᠡᠴᠦ ᠦᠯᠢᠭᠡᠷᠲᠦ ᠲᠠᠭᠤᠤ ᠵᠢ ᠪᠠᠭᠳᠠᠭᠠᠭᠰᠠᠨ ᠠᠷᠠᠳ ᠤᠨ ᠲᠠᠭᠤᠤ ᠪᠣᠯ ᠲᠠᠩ ᠭᠠᠭᠴᠠ ᠲᠠᠭᠤᠤ ᠶᠢᠨ ᠦᠭᠡ ᠪᠣᠶᠣ《ᠤᠷᠠᠨ ᠵᠣᠬᠢᠶᠠᠯ》ᠪᠢᠰᠢ᠃ᠮᠦᠨ ᠴᠦ ᠲᠦᠭᠦᠮᠬᠡᠨ《ᠠᠶᠠᠯᠭᠤᠲᠤ ᠰᠢᠯᠦᠭ》ᠲᠡᠳᠦᠢᠯᠡ ᠪᠢᠰᠢ᠃ ᠦᠯᠢᠭᠡᠷᠲᠦ ᠲᠠᠭᠤᠤ ᠨᠢ ᠬᠡᠪᠯᠡᠯ ᠲᠸᠺᠰᠲ ᠤᠨ ᠬᠡᠯᠪᠡᠷᠢ ᠪᠡᠷ ᠪᠢᠰᠢ᠂ᠬᠠᠷᠢᠨ ᠪᠣᠳᠠᠳᠤ ᠲᠣᠭᠯᠠᠯᠲᠠ ᠶᠢᠨ ᠬᠡᠯᠪᠡᠷᠢ ᠪᠡᠷ ᠣᠷᠤᠰᠢᠳᠠᠭ ᠤᠴᠢᠷ ᠲᠡᠭᠦᠨ ᠳᠤ ᠪᠠᠰᠠ ᠠᠷᠠᠳ ᠤᠨ ᠲᠠᠭᠤᠴᠢᠨ᠂ ᠠᠷᠠᠳ ᠤᠨ ᠲᠠᠭᠤᠴᠢᠳ ᠤᠨ ᠲᠣᠭᠯᠠᠯᠲᠠ ᠶᠢᠨ ᠲᠤᠮᠳᠠᠬᠢ ᠵᠣᠬᠢᠶᠠᠨ ᠪᠦᠲᠦᠭᠡᠯᠭᠡ᠂ ᠲᠣᠭᠯᠠᠯᠲᠠ ᠶᠢᠨ ᠣᠷᠴᠢᠨ᠂ ᠤᠷᠠᠯᠢᠭᠴᠢ ᠰᠣᠨᠤᠰᠤᠭᠴᠢ ᠶᠢᠨ ᠬᠣᠷᠰᠢᠯ᠍ ᠵᠡᠷᠭᠡ ᠣᠯᠠᠨ ᠡᠯᠸᠮᠸᠨ᠋ᠲ ᠬᠣᠯᠪᠤᠭᠳᠠᠳᠠᠭ᠃ ᠦᠭᠡᠷ ᠡ ᠪᠡᠷ ᠬᠡᠯᠡᠪᠡᠯ᠂ ᠦᠯᠢᠭᠡᠷᠲᠦ ᠲᠠᠭᠤᠤ ᠨᠢ ᠴᠣᠯ ᠪᠢᠴᠢᠭ᠌ ᠤᠨ ᠤᠷᠠᠨ ᠵᠣᠬᠢᠶᠠᠯ ᠪᠢᠰᠢ᠃ ᠬᠠᠷᠢᠨ ᠪᠣᠲᠠᠲᠠᠢ ᠲᠣᠭᠯᠠᠯᠲᠠ ᠶᠢᠨ ᠬᠣᠪᠢ ᠪᠡᠷ ᠣᠷᠤᠰᠢᠬᠤ ᠨᠢᠭᠡ ᠵᠦᠢᠯ ᠤᠨ ᠠᠮᠠᠨ ᠤᠷᠠᠯᠢᠭ ᠪᠠᠢᠢᠭ᠋ ᠠ ᠶᠣᠮ᠃ ᠦᠡᠩᠭᠡᠷᠡᠭᠰᠡᠨ ᠤ ᠦᠯᠢᠭᠡᠷᠲᠦ ᠲᠠᠭᠤᠤ ᠶᠢᠨ ᠰᠣᠳᠤᠯᠭᠠᠨ ᠤ ᠨᠣᠮ ᠵᠣᠬᠢᠶᠠᠯ ᠤᠤᠨ ᠲᠤ ᠦᠯᠢᠭᠡᠷᠲᠦ ᠲᠠᠭᠤᠤ ᠵᠢ 《ᠤᠷᠠᠨ ᠵᠣᠬᠢᠶᠠᠯ》 ᠢᠡᠷ ᠦᠵᠡᠬᠦ ᠪᠣᠶᠣ ᠲᠡᠭᠦᠨ ᠢ ᠤᠷᠠᠨ ᠵᠣᠬᠢᠶᠠᠯ ᠤᠨ ᠲᠠᠯ ᠠ ᠡᠴᠡ ᠰᠣᠳᠤᠯᠬᠤ ᠶᠠᠪᠤᠳᠠᠯ ᠮᠠᠰᠢ ᠲᠦᠭᠡᠮᠡᠯ ᠪᠠᠢᠢᠪᠠ᠃ᠮᠠᠨ ᠤ ᠣᠢᠢᠯᠠᠭᠠᠬᠤ ᠪᠡᠷ ᠡᠢᠢᠮᠦᠷᠬᠦᠦ ᠲᠠᠨᠢᠯᠲᠠ ᠣᠢᠢᠯᠠᠭᠠᠯᠲᠠ ᠪᠠ ᠰᠣᠳᠤᠯᠭᠠᠨ ᠤ ᠦᠯᠢᠭᠡᠷᠦ ᠲᠠᠭᠤᠤ ᠶᠢᠨ ᠬᠡᠰᠡᠭ ᠲᠠᠯ ᠠ ᠶᠨ ᠰᠣᠳᠤᠯᠭᠠᠨ ᠲᠡᠳᠦᠢᠢᠯᠡ ᠪᠣᠯᠤᠭᠰᠠᠨ ᠪᠦᠭᠡᠳ ᠴᠢᠨᠠᠭᠰᠢᠯᠠᠭᠠᠳ ᠦᠯᠢᠭᠡᠷᠲᠦ ᠲᠠᠭᠤᠤ ᠶᠢᠨ 《ᠠᠮᠠᠨ ᠤᠷᠠᠯᠢᠭ 》ᠤᠨ ᠦᠪᠡᠷᠮᠢᠴᠡ ᠴᠢᠨᠠᠷ ᠢ ᠪᠠᠯᠠᠷᠬᠠᠢᠢᠯᠠᠭᠤᠯᠵᠤ᠂ ᠨᠡᠢᠢᠭᠡᠮ ᠨᠡᠢᠢᠲᠡ ᠳᠤ ᠦᠯᠢᠭᠡᠷᠲᠦ ᠲᠠᠭᠤᠤ(ᠠᠮᠠᠨ ᠤᠷᠠᠯᠢᠭ)ᠪᠣᠯ ᠪᠢᠴᠢᠭ᠌ ᠤᠨ ᠤᠷᠠᠨ ᠵᠣᠬᠢᠶᠠᠯ᠂ ᠰᠢᠯᠦᠭ ᠮᠦᠨ ᠭᠡᠬᠦ ᠮᠡᠲᠦ ᠶᠢᠨ ᠡᠨᠳᠡᠭᠦᠦ ᠲᠠᠨᠢᠯᠲᠠ ᠣᠢᠢᠯᠠᠭᠠᠯᠲᠠ ᠵᠢ ᠠᠪᠴᠢᠷᠠᠵᠤ ᠦᠭ᠍ᠬᠦ ᠬᠡᠮᠵᠢᠶᠠᠨ ᠳᠤ ᠬᠦᠷᠦᠭᠰᠡᠨ ᠪᠠᠢᠢᠨ᠋ ᠠ᠃ |
Original Literature |
View Original Paper
|
出自 |
中国蒙古学
2012年
第3期
|