Paper Information


Title ᠤᠳᠭ ᠠ ᠵᠣᠬᠢᠶᠠᠯ ᠤᠨ ᠭᠦᠳᠡᠭᠡ ᠪᠠᠭᠤᠬᠤ ᠬᠦᠳᠡᠯᠭᠡᠭᠡᠨ—ᠣᠳᠣ ᠦᠶ ᠠ ᠶᠢᠨ ᠮᠣᠩᠭ᠋ᠤᠯ ᠤᠳᠬ ᠠ ᠵᠣᠬᠢᠶᠠᠯ ᠤᠨ ᠣᠨᠤᠰᠢᠯᠠᠬᠤ ᠰᠣᠳᠣᠯᠣᠯ᠄《ᠦᠨᠦᠡ ᠴᠡᠴᠡᠭ》ᠰᠡᠳᠭᠦᠯ ᠤᠨ ᠵᠢᠱᠢᠶᠡᠨ ᠲᠡᠭᠡᠷ ᠡ
Creator ᠶ᠂ᠴᠠᠭᠠᠨᠮᠦ᠋ᠷᠡᠨ
Keyword ᠤᠳᠬ ᠠ ᠵᠣᠬᠢᠶᠠᠯ ᠤᠨ ᠬᠦᠳᠡᠭᠡ ᠪᠠᠭᠤᠬᠤ ᠬᠦᠳᠡᠯᠭᠡᠭᠡᠨ;ᠲᠸᠺᠰᠲ; ᠰᠡᠭᠡᠭᠡᠲᠡᠨ
Abstract ᠣᠳᠣ ᠦᠶ ᠡ ᠶᠢᠨ ᠮᠣᠩᠭ᠋ᠤᠯ ᠤᠳᠬ ᠠ ᠵᠣᠬᠢᠶᠠᠯ ᠪᠣᠯ ᠲᠦᠷᠢᠮᠵᠢᠯ ᠤᠨ ᠲᠣᠭᠲᠠᠢᠴᠠᠭ᠋ ᠠ ᠳᠤ ᠨᠢᠭᠡᠲᠦᠭᠰᠡᠨ ᠤᠯᠤᠰ ᠲᠦᠷᠦ ᠶᠢᠨ ᠲᠠᠭᠠᠯᠲᠠ ᠪᠠᠢᠢᠭᠰᠠᠨ ᠪᠦᠭᠡᠳ ᠣᠷᠴᠢᠨ ᠦᠶ ᠡ ᠶᠢᠨ ᠮᠣᠩᠭ᠋ᠤᠯ ᠰᠡᠭᠡᠭᠡᠲᠡᠨ ᠬᠦᠴᠦᠨ ᠪᠠᠭᠤᠷᠠᠢ ᠶᠢᠨ ᠤᠴᠢᠷ᠂ᠲᠸᠺᠰᠲ᠋ᠢ ᠤᠨ ᠲᠠᠪᠬᠤᠷᠭ᠋ ᠠ  ᠳᠤ ᠲᠣᠭᠤᠷᠪᠢᠭᠴᠢ ᠪᠡᠶ ᠡ ᠶᠢᠨ ᠬᠣᠪᠢ ᠴᠣᠭᠴᠠ ᠶᠢᠨ ᠡᠵᠡᠭᠦᠢ ᠤᠬᠠᠮᠰᠠᠷ ᠡᠴᠡ ᠡᠭᠦᠰᠦᠭᠰᠡᠨ《ᠭᠡᠮ》 ᠬᠠᠷᠠᠬᠠᠨ ᠮᠡᠳᠡᠭᠳᠡᠭᠡ ᠦᠭᠡᠢ᠂ ᠬᠠᠷᠢᠨ ᠲᠦᠷᠢᠮᠵᠢᠯ ᠤᠨ ᠲᠣᠭᠲᠠᠯᠴᠠᠭᠠᠨ ᠡᠴᠡ ᠪᠣᠯᠤᠭᠰᠠᠨ ᠤᠯᠤᠰ ᠲᠦᠷᠦ ᠶᠢᠨ 《ᠭᠡᠮ》 ᠢᠯᠡᠷᠬᠡᠢ ᠦᠯᠡᠳᠡᠭᠳᠡᠨ ᠬᠣᠴᠤᠷᠴᠠᠢ᠃ ᠤᠳᠬ ᠠ ᠵᠣᠬᠢᠶᠠᠯ ᠤᠨ ᠬᠦᠳᠡᠭᠡ ᠪᠠᠭᠤᠬᠤ ᠬᠦᠳᠡᠯᠭᠡᠭᠡᠨ ᠪᠣᠯ《ᠪᠠᠷᠠᠭᠤᠨᠲᠠᠨ ᠢ ᠡᠰᠡᠷᠭᠦᠴᠡᠬᠦ》ᠤᠯᠤᠰ ᠲᠦᠷᠦ ᠶᠢᠨ ᠬᠦᠳᠡᠯᠭᠡᠭᠡᠨ ᠤ ᠤᠳᠬ ᠠ ᠵᠣᠬᠢᠶᠠᠯ ᠤᠨ ᠬᠦᠷᠢᠶᠡᠨ  ᠳᠡᠬᠢ ᠲᠤᠰᠬᠠᠯ ᠪᠣᠯᠬᠤ ᠶᠣᠮ᠃《ᠪᠠᠷᠠᠭᠤᠨᠳᠠᠨ ᠢ ᠡᠰᠡᠷᠭᠦᠴᠡᠬᠦ》ᠬᠦᠳᠡᠯᠭᠡᠭᠡᠨ ᠨᠢ ᠬᠦᠷᠦᠩᠭᠡᠲᠡᠨ ᠠᠩᠭᠢ ᠶᠢᠨ ᠭᠡᠭ᠍ᠲᠡᠭᠰᠡᠨ ᠰᠡᠭᠡᠭᠡᠲᠡᠳ ᠢ ᠦᠭᠡᠷᠡᠴᠢᠯᠡᠵᠦ᠂ᠦᠭᠡᠭᠦᠦ ᠠᠩᠭᠢ ᠶᠢᠨ ᠰᠡᠭᠡᠭᠡᠲᠡᠨ ᠪᠣᠯᠭᠠᠬᠤ ᠶᠠᠪᠤᠳᠠᠯ ᠮᠦᠨ᠂ ᠲᠠᠷᠦᠢ ᠰᠡᠭᠡᠭᠡᠲᠡᠨ ᠢ 《ᠠᠵᠢᠯᠵᠢᠨᠴᠢᠯᠠᠬᠤ᠂ ᠲᠠᠷᠢᠶᠠᠴᠢᠨᠴᠢᠯᠠᠬᠤ᠂ᠮᠠᠯᠴᠢᠨᠴᠢᠯᠠᠬᠤ》ᠶᠠᠪᠤᠴᠠ ᠪᠣᠯᠤᠨ᠋  ᠠ᠃ᠡᠨᠡ ᠨᠢ ᠤᠳᠬ ᠠ ᠵᠣᠬᠢᠶᠠᠯ ᠤᠨ 《ᠬᠣᠪᠢᠰᠬᠠᠯᠲᠤ ᠤᠯᠤᠰ ᠲᠦᠷᠦ ᠲᠤ ᠦᠢᠯᠡᠴᠢᠯᠡᠬᠦ》᠂《ᠠᠵᠢᠯᠴᠢᠨ᠂ᠲᠠᠷᠢᠶᠠᠴᠢᠨ(ᠮᠠᠯᠴᠢᠨ)ᠴᠡᠷᠢᠭ ᠲᠤ ᠦᠢᠯᠡᠴᠢᠯᠡᠬᠦ》᠂《ᠨᠢᠳᠤᠨ ᠡᠮᠦᠨᠡᠬᠢ ᠳᠤ ᠦᠢᠯᠡᠴᠢᠯᠡᠬᠦ》ᠣᠨᠤᠯ ᠤᠨ ᠰᠢᠭᠤᠳ ᠦᠢᠯᠡᠳᠦᠯᠭᠡ ᠪᠠᠢᠢᠵᠤ᠂ ᠮᠠᠰᠢ ᠣᠯᠠᠨ ᠰᠡᠭᠡᠭᠡᠲᠡᠨ ᠵᠠᠯᠠᠭᠤᠴᠤᠳ ᠬᠦᠳᠡᠭᠡ ᠪᠠᠭᠤᠵᠤ ᠲᠠᠪᠲᠠᠭᠳᠠᠨ ᠪᠣᠯᠪᠠᠰᠤᠷᠠᠭᠰᠠᠨ ᠪᠦᠭᠡᠳ ᠡᠨᠡ ᠨᠢ ᠤᠳᠬ ᠠ ᠵᠣᠬᠢᠶᠠᠯ ᠤᠨ ᠬᠠᠭᠤᠳᠠᠰᠤᠨ ᠳᠤ ᠬᠦᠳᠡᠭᠡ ᠪᠠᠭᠤᠬᠤ ᠬᠦᠳᠡᠯᠭᠡᠭᠡᠨ ᠪᠣᠯᠵᠤ ᠢᠯᠡᠷᠡᠭᠰᠡᠨ ᠶᠣᠮ᠃
Original Literature View Original Paper
出自 中国蒙古学 2012年 第4期

联系我们


内蒙古大学图书馆
呼和浩特市大学西路235号
中国·内蒙古
P: (0471) 4992561
E: huangfeilong@imu.edu.cn