Title |
ᠠᠩᠯᠢ᠂ ᠮᠣᠩᠭᠤᠯ ᠬᠡᠯᠡᠨ ᠤ ᠪᠡᠶ ᠡ ᠶᠢᠨ ᠲᠦᠯᠦᠭᠡᠨ ᠤ ᠦᠭᠡ ᠶᠢᠨ ᠲᠠᠢᠨ ᠢᠯᠭᠠᠯ ᠤᠨ ᠲᠣᠬᠠᠢ |
Creator |
ᠵᠢᠷᠤᠮᠲᠤ |
Keyword |
ᠠᠩᠯᠢ; ᠮᠣᠩᠭᠤᠯ ᠬᠡᠯᠡ;ᠪᠡᠶ ᠡ ᠶᠢᠨ ᠲᠦᠯᠦᠭᠡᠨ ᠤ ᠦᠭᠡ ;ᠲᠠᠢᠨ ᠢᠯᠭᠠᠯ |
Abstract |
ᠠᠩᠯᠢ᠂ᠮᠣᠩᠭᠤᠯ ᠬᠡᠯᠡᠨ ᠤ ᠪᠡᠶ ᠠ ᠶᠢᠨ ᠲᠦᠯᠦᠭᠡᠨ ᠤ ᠦᠭᠡ ᠶᠢᠨ ᠪᠦᠲᠦᠴᠡ ᠪᠣᠯᠤᠨ ᠲᠠᠢᠨ ᠢᠯᠭᠠᠯ ᠢᠢᠡᠷ ᠢᠯᠠᠭᠠᠭᠳᠠᠬᠤ ᠲᠠᠯ ᠠ ᠪᠡᠷ ᠠᠳᠠᠯᠢ ᠲᠠᠯ ᠠ ᠪᠠᠢᠬᠤ ᠪᠦᠭᠡᠳ ᠠᠳᠠᠯᠢ ᠦᠭᠡᠢ ᠭᠠᠵᠠᠷ ᠴᠦ ᠪᠤᠢ᠃ ᠡᠨᠡ ᠨᠢ ᠠᠩᠯᠢ ᠬᠡᠯᠡ ᠰᠤᠷᠴᠤ ᠪᠠᠢᠭ᠎ᠠ ᠮᠣᠩᠭᠤᠯ ᠰᠤᠷᠤᠭᠴᠢᠳ ᠲᠤ ᠠᠪᠴᠦ ᠬᠡᠯᠡᠪᠡᠯ᠂ᠵᠣᠬᠢᠬᠤ ᠬᠡᠮᠵᠢᠶᠠᠨ ᠤ ᠠᠰᠢᠭᠲᠠᠢ ᠨᠦᠬᠦᠴᠡᠯ ᠢ ᠦᠷᠢᠯᠳᠦᠭᠦᠯᠦᠭᠰᠡᠨ ᠪᠣᠯᠪᠠᠴᠦ᠂ ᠲᠡᠳᠡᠨ ᠤ ᠰᠤᠷᠤᠯᠴᠠᠯᠭ᠎ᠠ ᠶᠢᠨ ᠶᠠᠪᠤᠴᠠ ᠳ᠋ᠤ ᠪᠠᠰᠠ ᠬᠠᠷᠰᠢ ᠰᠠᠭᠠᠳ ᠤᠴᠠᠷᠠᠭᠤᠯᠵᠤ ᠪᠠᠢᠨ᠎ᠠ᠃ ᠠᠰᠢᠭᠲᠠᠢ ᠨᠦᠬᠦᠴᠡᠯ ᠨᠢ》ᠲᠡᠳᠡ ᠮᠣᠩᠭᠤᠯ ᠬᠡᠯᠡᠨ ᠤ ᠪᠡᠶ᠎ᠠ ᠶᠢᠨ ᠲᠦᠯᠦᠭᠡᠨ ᠤ ᠦᠭᠡ ᠶᠢᠨ ᠤᠬᠠᠭᠳᠠᠬᠤᠨ ᠢᠢᠡᠷ ᠲᠡᠭᠦᠨ ᠲᠠᠢ ᠵᠣᠬᠢᠴᠠᠬᠤ ᠠᠩᠯᠢ ᠬᠡᠯᠡᠨ ᠤ ᠪᠡᠶ᠎ᠠ ᠶᠢᠨ ᠲᠦᠯᠦᠭᠡᠨ ᠤ ᠦᠭᠡ ᠵᠢ ᠤᠢᠯᠠᠭᠠᠵᠤ᠂ ᠮᠣᠩᠭᠤᠯ ᠬᠡᠯᠡᠨ ᠤ ᠬᠡᠷᠡᠭᠯᠡᠭᠡᠨ ᠤ ᠶᠠᠰᠤᠭᠠᠷ ᠲᠡᠭᠦᠨ ᠢ ᠬᠡᠷᠡᠭᠯᠡᠵᠦ ᠪᠣᠯᠤᠨ᠎ᠠ᠃ ᠠᠰᠢᠭ ᠦᠭᠡᠢ ᠲᠠᠯ ᠠ ᠨᠢ᠂ᠮᠣᠩᠭᠤᠯ ᠰᠤᠷᠤᠭᠴᠢᠳ ᠬᠡᠷᠪᠡ ᠡᠨᠡ ᠬᠤᠶᠠᠷ ᠬᠡᠯᠡᠨ ᠤ ᠪᠡᠶ ᠠ ᠶᠢᠨ ᠲᠦᠯᠦᠭᠡᠨ ᠤ ᠦᠬᠡ ᠶᠢᠨ ᠵᠦᠷᠢᠶ ᠠ ᠵᠢ ᠵᠦᠪ ᠤᠨᠤᠪᠴᠢᠲᠠᠢ ᠪᠡᠷ ᠢᠯᠭᠠᠨ ᠰᠠᠯᠭᠠᠵᠤ ᠴᠢᠳᠠᠬᠤ ᠦᠭᠡᠢ ᠪᠡᠷ ᠪᠦᠷᠢᠮᠦᠰᠦᠨ ᠮᠣᠩᠭᠤᠯ ᠬᠡᠯᠡᠨ ᠤ ᠤᠬᠠᠭᠳᠠᠬᠤᠨ ᠢᠢᠡᠷ ᠠᠩᠯᠢ ᠬᠡᠯᠡᠨ ᠤ ᠪᠡᠶ ᠠ ᠶᠢᠨ ᠲᠦᠯᠦᠭᠡᠨ ᠤ ᠦᠭᠡ ᠵᠢ ᠤᠢᠯᠠᠭᠠᠪᠠᠯ᠂ ᠲᠠᠷᠤᠢ ᠠᠩᠯᠢ ᠬᠡᠯᠡᠨ ᠤ ᠵᠠᠷᠢᠮ ᠪᠡᠶ ᠠ ᠶᠢᠨ ᠲᠦᠯᠦᠭᠡᠨ ᠤ ᠦᠭᠡ ᠵᠢ ᠪᠣᠷᠤᠭᠤ ᠪᠡᠷ ᠭᠡᠷᠡᠭᠯᠡᠬᠦ ᠳ᠋ᠤ ᠬᠦᠷᠬᠦ ᠶᠣᠮ᠃ᠡᠨᠳᠡ ᠪᠢ ᠡᠨᠡ ᠬᠤᠶᠠᠷ ᠬᠡᠯᠡᠨ ᠤ ᠪᠡᠶ ᠠ ᠶᠢᠨ ᠲᠦᠯᠦᠭᠡᠨ ᠤ ᠦᠭᠡ ᠵᠢ ᠬᠠᠷᠢᠴᠠᠭᠤᠯᠬᠤ ᠪᠡᠷ ᠲᠠᠮᠵᠢᠭᠤᠯᠵᠤ᠂ ᠲᠡᠳᠡᠭᠡᠷ ᠤᠨ ᠠᠳᠠᠯᠢ ᠪᠠ ᠠᠳᠠᠯᠢ ᠪᠤᠰᠤ ᠭᠠᠵᠠᠷ ᠢ ᠢᠯᠭᠠᠨ ᠰᠠᠯᠭᠠᠵᠤ᠂ ᠮᠣᠩᠭᠤᠯ ᠰᠤᠷᠤᠭᠴᠢᠳ ᠤᠨ ᠠᠩᠯᠢ ᠬᠡᠯᠡᠨ ᠤ ᠪᠡᠶ ᠠ ᠶᠢᠨ ᠲᠦᠯᠦᠭᠡᠨ ᠤ ᠦᠭᠡ ᠵᠢ ᠵᠦᠪ ᠤᠨᠤᠪᠴᠢᠲᠠᠢ ᠡᠵᠡᠮᠰᠢᠬᠦ ᠳ᠋ᠤ ᠲᠤᠰᠠᠯᠠᠮᠵᠢ ᠪᠣᠯᠭᠠᠬᠤ ᠵᠢ ᠬᠢᠴᠢᠶᠡᠵᠦ ᠪᠠᠢᠨ᠎ᠠ᠃ |
Original Literature |
No Original Paper
|
出自 |
内蒙古师范大学学报
1988年
第1期
|