Paper Information


Title ᠬᠣᠷᠴᠢᠨ ᠠᠷᠠᠳ ᠤᠨ ᠳᠠᠭᠤᠤ ᠳᠠᠬᠢ ᠣᠷᠤᠨ ᠵᠠᠢ ᠶᠢᠨ ᠬᠠᠷᠢᠴᠠᠭ᠎ᠠ ᠶᠢ ᠦᠭᠦᠯᠡᠬᠦ ᠨᠢ
Creator ᠬᠠᠨ ᠭᠧᠨ ᠰᠢᠶᠤᠤ
Keyword ᠬᠤᠷᠴᠢᠨ ᠠᠷᠠᠳ ᠤᠨ ᠳᠠᠭᠤᠤ; ᠣᠷᠤᠨ ᠵᠠᠢ; ᠬᠦᠮᠦᠰ ᠦᠨ ᠬᠠᠷᠢᠴᠠᠭ᠎ᠠ
Abstract ᠦᠭᠡ ᠶᠠᠷᠢᠶ᠎ᠠ ᠶᠢᠨ ᠪᠤᠰᠤ ᠬᠠᠷᠢᠯᠴᠠᠬᠤ ᠬᠦᠷᠢᠶ᠎ᠡ ᠬᠡᠪᠴᠢᠶᠡᠨ ᠳᠦ ᠣᠷᠤᠨ ᠵᠠᠢ ᠶᠢᠨ ᠬᠠᠷᠢᠴᠠᠭ᠎ᠠ᠂ ᠪᠡᠶ᠎ᠡ ᠶᠢᠨ ᠬᠦᠳᠡᠯᠦᠯ ᠵᠢᠴᠢ ᠴᠠᠭ ᠤᠨ ᠠᠰᠠᠭᠤᠳᠠᠯ ᠵᠡᠷᠭᠡ ᠨᠢ ᠪᠦᠷ ᠰᠤᠳᠤᠯᠭᠠᠨ ᠤ ᠰᠡᠳᠦᠪ ᠪᠤᠯᠳᠠᠭ᠃ ᠣᠷᠤᠨ ᠵᠠᠢ ᠪᠤᠯ ᠬᠦᠮᠦᠨᠴᠢ ᠴᠢᠨᠠᠷ᠂ ᠨᠡᠢᠭᠡᠮᠴᠢ ᠴᠢᠨᠠᠷ ᠤᠨ ᠢᠯᠡᠷᠡᠯ᠂ ᠲᠡᠭᠦᠨ ᠳᠦ ᠣᠯᠠᠨ ᠵᠤᠢᠯ ᠤᠨ ᠠᠭᠤᠯᠭ᠎ᠠ ᠶᠢ ᠪᠠᠭᠲᠠᠭᠠᠨ᠂ ᠣᠷᠤᠨ ᠵᠠᠢ ᠪᠠᠷ ᠢᠯᠡᠳᠭᠡᠭᠰᠡᠨ ᠦᠭᠡ ᠶᠠᠷᠢᠶ᠎ᠠ ᠶᠢᠨ ᠬᠠᠮᠤᠭ ᠦᠨᠳᠦᠰᠦᠨ ᠡᠯᠧᠮᠧᠨ᠋ᠲ ᠮᠦᠨ᠃ ᠣᠷᠤᠨ ᠵᠠᠢ ᠶᠢᠨ ᠬᠠᠷᠢᠴᠠᠭ᠎ᠠ ᠶᠢᠨ ᠤᠬᠠᠭᠳᠠᠬᠤᠨ ᠢ ᠬᠤᠷᠴᠢᠨ ᠠᠷᠠᠳ ᠤᠨ ᠳᠠᠭᠤᠤ ᠳᠤ ᠠᠮᠢᠳᠤᠯᠢᠭ ᠢᠶᠠᠷ ᠬᠡᠷᠡᠭᠯᠡᠨ᠂ ᠬᠤᠷᠴᠢᠨ ᠰᠤᠶᠤᠯ ᠤᠨ ᠦᠵᠡᠭᠳᠡᠯ ᠢ ᠤᠷᠠᠯᠢᠭ ᠰᠠᠢᠬᠠᠨ ᠳᠤᠰᠬᠠᠨ᠂ ᠬᠦᠮᠦᠰ ᠦᠨ ᠣᠷᠤᠨ ᠵᠠᠢ ᠳᠠᠬᠢ 《ᠡᠰᠡᠷᠭᠦᠴᠡᠯᠳᠦᠯ》᠂ 《ᠨᠦᠬᠦᠷᠯᠡᠯ》᠂ 《ᠬᠠᠮᠲᠤ ᠣᠷᠤᠰᠢᠬᠤ》 ᠭᠡᠬᠦ ᠭᠤᠷᠪᠠᠨ ᠭᠤᠤᠯ ᠬᠠᠷᠢᠴᠠᠭ᠎ᠠ ᠶᠢ ᠲᠤᠳᠤᠷᠬᠠᠢ ᠢᠯᠡᠷᠡᠭᠦᠯᠵᠡᠢ᠃ ᠠᠷᠠᠳ ᠤᠨ ᠤᠷᠠᠯᠢᠭᠴᠢ ᠠᠴᠠ ᠡᠳᠡᠭᠡᠷ ᠢ ᠠᠷᠠᠳ ᠤᠨ ᠳᠠᠭᠤᠤ ᠶᠢᠨ ᠲᠤᠭᠯᠠᠯᠲᠠ ᠶᠢᠨ ᠳᠤᠮᠳᠠ ᠠᠮᠢᠳᠤᠯᠢᠭ ᠳᠦᠷᠰᠦᠯᠢᠭ ᠢᠯᠡᠷᠡᠭᠦᠯᠦᠨ᠂ ᠳᠠᠭᠤᠤ ᠳᠠᠬᠢ ᠪᠠᠭᠠᠲᠤᠷ ᠤᠨ ᠦᠢᠯᠡ ᠠᠵᠢᠯᠯᠠᠭ᠎ᠠ ᠶᠢ ᠣᠷᠤᠨ ᠵᠠᠢ ᠲᠠᠢ ᠤᠶᠠᠯᠳᠤᠭᠤᠯᠤᠨ᠂ ᠬᠤᠷᠴᠢᠨ ᠠᠷᠠᠳ ᠤᠨ ᠳᠠᠭᠤᠤ ᠶᠢ ᠠᠮᠢᠳᠤᠷᠠᠯ ᠳᠤ ᠨᠡᠩ ᠣᠢᠷᠠᠲᠤᠭᠤᠯᠤᠨ ᠨᠡᠩ ᠦᠨᠡᠮᠰᠢᠭᠦᠯᠵᠦ ᠴᠢᠳᠠᠵᠠᠢ᠃
Original Literature View Original Paper
出自 中国蒙古学 2016年 第3期

联系我们


内蒙古大学图书馆
呼和浩特市大学西路235号
中国·内蒙古
P: (0471) 4992561
E: huangfeilong@imu.edu.cn