Title |
ᠶᠡᠬᠡ ᠬᠤᠭᠤᠷᠴᠢ ᠦᠰᠬᠦᠪᠣᠶᠠᠨ ᠪᠠ 《ᠦᠰᠬᠦᠪᠣᠶᠠᠨ ᠤ ᠦᠯᠢᠭᠡᠷ ᠬᠣᠯᠪᠤᠭ᠋ ᠠ》ᠨᠣᠮ ᠤᠨ ᠲᠣᠬᠠᠢ |
Creator |
ᠪᠠ᠂ᠪᠦᠬᠡᠴᠢᠯᠠᠭᠤ |
Keyword |
ᠦᠰᠬᠦᠪᠣᠶᠠᠨ; ᠬᠤᠭᠤᠷ ᠤᠨ ᠦᠯᠢᠭᠡᠷ;《ᠦᠰᠬᠦᠪᠣᠶᠠᠨ ᠤ ᠦᠯᠢᠭᠡᠷ ᠬᠣᠯᠪᠤᠭ᠋ ᠠ》 |
Abstract |
ᠦᠰᠬᠦᠪᠣᠶᠠᠨ ᠬᠤᠭᠤᠷᠴᠢ1955ᠣᠨ ᠡᠴᠡ1965ᠣᠨ ᠤ ᠠᠡᠪᠠᠨ ᠵᠢᠯ ᠤᠨ ᠬᠤᠭᠤᠴᠠᠭᠠᠨ ᠳᠤ ᠤᠯᠠᠮᠵᠢᠯᠠᠯᠲᠤ ᠬᠤᠭᠤᠷ ᠤᠨ ᠦᠯᠢᠭᠡᠷ ᠬᠡᠯᠡᠬᠦ ᠶᠢᠨ ᠬᠠᠮᠲᠤ ᠮᠣᠩᠭ᠋ᠤᠯ ᠬᠦᠮᠦᠨ ᠮᠣᠩᠭ᠋ᠤᠯ ᠠᠮᠢᠳᠤᠷᠠᠯ ᠢᠢᠡᠷ ᠰᠡᠳᠦᠪᠯᠡᠭᠰᠡᠨ《ᠭᠠᠯ ᠱᠣᠩᠬᠤᠷ》᠂《ᠰᠠᠷ᠎ᠠ ᠤᠷᠭᠠᠯᠠᠭᠰᠡᠨ ᠰᠠᠴᠠ ᠬᠣᠩᠭ᠋ᠤᠷ》᠂《ᠪᠠᠶᠠᠨ ᠲᠤᠬᠤᠢ ᠶᠢᠨ ᠲᠡᠮᠡᠴᠡᠯ》᠂《ᠬᠠᠳᠤᠨ ᠭᠣᠣᠯ ᠢ ᠭᠠᠲᠤᠯᠤᠭᠰᠠᠨ ᠨᠢ》᠂《ᠦᠨᠦᠴᠢᠨ ᠣᠳᠣ》 ᠵᠡᠷᠭᠡ ᠲᠠᠪᠤᠨ ᠰᠢᠨ᠌ ᠡ ᠬᠤᠭᠤᠷ ᠤᠨ ᠦᠯᠢᠭᠡᠷ ᠢ ᠵᠣᠬᠢᠶᠠᠨ ᠬᠡᠯᠡᠭᠰᠡᠨ ᠨᠢ ᠮᠠᠨ ᠤ ᠣᠷᠤᠨ ᠤ ᠬᠤᠭᠤᠷ ᠤᠨ ᠦᠯᠢᠭᠡᠷ ᠤᠨ ᠲᠡᠦᠬᠡᠨ ᠳᠤ ᠰᠢᠨ᠌ ᠠ ᠲᠡᠮᠳᠡᠭᠯᠡᠯ ᠢ ᠪᠣᠢ ᠪᠣᠯᠭᠠᠭᠰᠠᠨ ᠪᠠᠢᠢᠨ᠌ ᠠ᠃ ᠡᠭᠦᠨ ᠢ ᠪᠢᠳᠡ ᠦᠪᠦᠷ ᠮᠣᠩᠭ᠋ᠤᠯ ᠤᠨ ᠬᠤᠭᠤᠷᠴᠢ ᠶᠢᠨ ᠤᠷᠠᠯᠢᠭ ᠤᠨ ᠲᠡᠦᠬᠡ ᠵᠢ ᠨᠡᠯᠦᠩᠬᠡᠢ ᠳᠦᠨᠢ ᠠᠵᠢᠭᠯᠠᠵᠤ ᠦᠵᠡᠬᠦ ᠳᠤ ᠠᠮᠠᠷᠬᠠᠨ ᠬᠠᠷᠠᠭᠳᠠᠳᠠᠭ᠃ ᠦᠰᠬᠦᠪᠣᠶᠠᠨ ᠦᠪᠡᠷ ᠢᠢᠡᠨ ᠮᠣᠩᠭ᠋ᠤᠯ ᠣᠷᠤᠨ᠂ ᠮᠣᠩᠭ᠋ᠤᠯ ᠬᠦᠮᠦᠨ᠂ ᠮᠣᠩᠭ᠋ᠤᠯ ᠠᠮᠢᠳᠤᠷᠠᠯ ᠢᠢᠡᠷ ᠰᠡᠳᠦᠪᠯᠡᠵᠦ ᠦᠯᠢᠭᠡᠷ ᠢᠢᠡᠨ ᠵᠣᠬᠢᠶᠠᠨ ᠪᠦᠳᠦᠭᠡᠭᠰᠡᠨ ᠪᠦᠭᠡᠳ ᠲᠤᠭᠯᠠᠵᠤ ᠠᠮᠢᠯᠠᠭᠤᠯᠤᠭᠰᠠᠨ᠃ ᠡᠨᠡ ᠨᠢ ᠬᠤᠭᠤᠷᠴᠢ ᠮᠠᠨᠢ ᠬᠤᠭᠤᠷ ᠤᠨ ᠦᠯᠢᠭᠡᠷ ᠢ ᠤᠯᠠᠮ ᠨᠢᠭᠡ ᠠᠯᠬᠤᠮ ᠦᠨᠳᠦᠰᠦᠲᠡᠨᠴᠢᠯᠡᠬᠦ ᠭᠡᠰᠡᠨ ᠵᠣᠬᠢᠶᠠᠨ ᠪᠦᠲᠦᠭᠡᠬᠦ ᠵᠣᠷᠢᠯᠭ᠋ ᠠ ᠲᠠᠯᠪᠢᠵᠤ ᠪᠠᠢᠢᠭᠰᠠᠨ ᠢ ᠲᠣᠳᠤ ᠬᠠᠷᠠᠭᠤᠯᠵᠤ ᠪᠠᠢᠢᠨ᠌ ᠠ᠃《ᠦᠰᠬᠦᠪᠣᠶᠠᠨ ᠤ ᠦᠯᠢᠭᠡᠷ ᠬᠣᠯᠪᠤᠭ᠋ ᠠ》ᠨᠣᠮ ᠮᠠᠨ ᠤ ᠣᠷᠤᠨ ᠤᠬᠤᠭᠤᠷᠴᠢ ᠶᠢᠨ ᠤᠷᠠᠯᠢᠭ ᠤᠨ ᠪᠦᠲᠦᠭᠡᠯ᠂ᠢᠯᠠᠩᠭ᠋ᠤᠶ ᠠ ᠠᠯᠳᠠᠷᠲᠤ ᠬᠤᠭᠤᠷᠴᠢᠳ ᠤᠨ ᠪᠦᠲᠦᠭᠡᠯ ᠢ ᠡᠮᠬᠢᠳᠭᠡᠨ ᠨᠡᠢᠢᠲᠡᠯᠡᠬᠦ ᠲᠠᠯ ᠠ ᠪᠡᠷ ᠰᠢᠨ᠌ ᠠ ᠬᠢᠷᠢ ᠲᠦᠪᠰᠢᠨ᠂ᠰᠢᠨ᠌ ᠡ ᠦᠯᠢᠭᠡᠷ ᠵᠢᠱᠢᠶ ᠡ ᠵᠢ ᠪᠣᠢ ᠪᠣᠯᠭᠠᠭᠰᠠᠨ ᠪᠠᠢᠢᠨ᠌ ᠠ᠃ |
Original Literature |
View Original Paper
|
出自 |
中国蒙古学
2012年
第4期
|