Title |
ᠬᠠᠷᠠᠮᠦ᠋ᠷᠡᠨ ᠮᠤᠵᠢ ᠶᠢᠨ ᠲᠦᠷᠪᠡᠳ ᠤᠨ ᠶᠠᠷᠢᠶᠠᠨ ᠦ ᠪᠤᠭᠤᠨᠢ ᠡᠬᠡᠰᠢᠭ᠌ ᠠᠪᠢᠶᠠᠯᠠᠪᠤᠷᠢ ᠶᠢᠨ ᠲᠤᠬᠠᠢ |
Creator |
ᠮᠠ ᠶᠢᠨ ᠯᠢᠠᠶᠠ |
Keyword |
ᠬᠠᠷᠠᠮᠦ᠋ᠷᠡᠨ ᠮᠤᠵᠢ; ᠲᠦᠷᠪᠡᠳ ᠤᠨ ᠶᠠᠷᠢᠶ᠎ᠠ;ᠪᠤᠭᠤᠨᠢ ᠡᠬᠡᠰᠢᠭ᠌ ᠠᠪᠢᠶᠠᠯᠠᠪᠤᠷᠢ |
Abstract |
ᠬᠠᠷᠠᠮᠦ᠋ᠷᠡᠨ ᠮᠤᠵᠢ ᠶᠢᠨ ᠲᠦᠷᠪᠡᠳ ᠤᠨ ᠶᠠᠷᠢᠶ᠎ᠠ ᠬᠤᠷᠴᠢᠨ ᠠᠮᠠᠨ ᠠᠶᠠᠯᠭᠤᠨ ᠳᠤ ᠪᠠᠭᠰᠠᠬᠤ ᠪᠦᠭᠡᠳ ᠠᠪᠢᠶᠠᠨ ᠦ ᠬᠤᠪᠢ ᠳᠤ᠂ ᠦᠪᠡᠷ ᠤᠨ ᠤᠨᠴᠠᠯᠢᠭ ᠲᠠᠢ ᠪᠠᠢ᠌ᠵᠤ᠂ ᠮᠣᠩᠭᠣᠯ ᠬᠡᠯᠡᠨ ᠦ ᠰᠤᠳᠤᠯᠭᠠᠨ ᠳᠤ ᠵᠤᠬᠢᠬᠤ ᠪᠠᠢ᠌ᠷᠢ ᠡᠵᠡᠯᠡᠳᠡᠭ᠃ ᠡᠢ᠌ᠮᠦ ᠡᠴᠡ ᠲᠡᠭᠦᠨ ᠢ ᠨᠢᠭ᠌ᠲᠠᠯᠠᠨ ᠰᠤᠳᠤᠯᠵᠤ ᠤᠨᠴᠠᠯᠢᠭ ᠪᠠᠢᠳᠠᠯ ᠢ ᠨᠢ ᠳᠤᠳᠤᠷᠬᠠᠢᠯᠠᠬᠤ ᠨᠢ ᠬᠤᠷᠴᠢᠨ ᠠᠮᠠᠨ ᠠᠶᠠᠯᠭᠤᠨ ᠦ ᠪᠠᠢ᠌ᠳᠠᠯ ᠢ ᠪᠦᠬᠦ ᠲᠠᠯ ᠠ ᠪᠠᠷ ᠢᠯᠡᠷᠡᠭᠦᠯᠬᠦ ᠳᠤ ᠵᠤᠬᠢᠬᠤ ᠠᠴᠢ ᠬᠤᠯᠤᠪᠭᠳᠠᠯ ᠲᠠᠢ ᠮᠦᠷᠳᠡᠭᠡᠨ ᠪᠦᠬᠦᠢ᠌ᠯᠡ ᠮᠣᠩᠭᠣᠯ ᠬᠡᠯᠡᠨ ᠦ ᠨᠤᠳᠤᠭ ᠤᠨᠠᠶᠠᠯᠭᠤᠨ ᠦ ᠰᠤᠳᠤᠯᠤᠯ ᠳᠤ ᠴᠤ ᠵᠤᠬᠢᠬᠤ ᠦᠷ ᠡ ᠠᠰᠢᠭ ᠲᠠᠢ ᠠᠵᠢᠯ ᠪᠤᠯᠬᠤ ᠶᠤᠮ᠃ ᠨᠦᠭᠦᠬᠡ ᠲᠠᠯ ᠠ ᠪᠠᠷ ᠬᠠᠷᠢᠯᠴᠠᠭᠠᠨ ᠦ ᠦᠢᠯᠡᠳᠦᠯ ᠶᠢᠨᠨ ᠠᠯᠳᠠᠬᠤ ᠬᠡᠵᠦ ᠪᠠᠢ᠌ᠭ᠎ᠠ ᠲᠦᠷᠪᠡᠳ ᠤᠨ ᠬᠡᠯᠡ ᠶᠠᠷᠢᠶᠠᠨ ᠦ ᠵᠠᠩᠬᠢᠯᠠᠭ᠎ᠠ ᠶᠢᠨ ᠴᠠᠭ ᠲᠤ ᠂ ᠲᠡᠭᠦᠨ ᠦ ᠤᠨᠴᠠᠯᠢᠭ ᠪᠠᠢ᠌ᠳᠠᠯ ᠢ ᠦᠨᠡᠨ ᠪᠤᠳᠠᠲᠠᠢ ᠪᠡᠷ ᠳᠡᠮᠳᠡᠭᠯᠡᠵᠦ ᠦᠯᠡᠳᠡᠬᠡᠭᠦ ᠨᠢ ᠬᠤᠵᠢᠮ ᠤᠨ ᠰᠤᠳᠤᠯᠭᠠᠨ ᠳᠤ ᠮᠠᠰᠢ ᠶᠡᠬᠡ ᠦᠨ᠎ᠡ ᠦᠷᠳᠡᠭ ᠲᠠᠢ ᠮᠠᠲ᠋ᠸᠷᠢᠶᠠᠯ ᠬᠠᠩᠭᠠᠵᠤ ᠦᠭᠬᠦ ᠪᠠᠷ ᠪᠠᠷᠠᠬᠤ ᠦᠭᠡᠢ ᠬᠡᠯᠡᠨ ᠦ ᠬᠤᠪᠢᠷᠠᠯ ᠬᠦᠭ᠍ᠵᠢᠯ ᠤᠨ ᠲᠤᠬᠠᠢ ᠤᠨᠤᠯ ᠤᠨ ᠪᠠᠢ᠌ᠭᠤᠯᠤᠯᠲᠠ ᠳᠤ ᠴᠤ ᠦᠨᠡᠨ ᠪᠤᠳᠠᠲᠠᠢ ᠦᠨᠳᠦᠰᠦ ᠪᠠᠷᠢᠮᠲᠠ ᠶᠢ ᠬᠠᠩᠭ᠋ᠠᠵᠤ ᠦᠭ᠍ᠬᠦ ᠪᠤᠯᠤᠨ᠎ᠠ᠃ |
Original Literature |
View Original Paper
|
出自 |
中国蒙古学
2009年
第2期
|