Title |
《ᠮᠤᠩᠭ᠋ᠤᠯ ᠤ ᠤᠪᠠᠰᠢ ᠬᠤᠩ ᠲᠠᠢ᠌ᠵᠢ ᠶᠢᠨ ᠲᠤᠭᠤᠵᠢ》 ᠶᠢᠨ ᠲᠤᠮᠤᠭ ᠶᠠᠷᠢᠶᠠᠨ ᠤ ᠰᠢᠨᠵᠢ |
Creator |
ᠪᠤᠤ ᠢᠦᠢ ᠴᠢᠶᠦ᠋ᠩ |
Keyword |
《ᠮᠤᠩᠭ᠋ᠤᠯ ᠤᠨ ᠤᠪᠠᠰᠢ ᠬᠤᠩ ᠲᠠᠢ᠌ᠵᠢ ᠶᠢᠨ ᠲᠤᠭᠤᠵᠢ》; ᠲᠤᠮᠤᠭ ᠶᠠᠷᠢᠶᠠᠨ ᠤ ᠰᠢᠨᠵᠢ; ᠠᠮᠠᠨ ᠤᠯᠠᠮᠵᠢᠯᠠᠯ |
Abstract |
ᠲᠤᠰ ᠦᠭᠦᠯᠡᠯ ᠨᠢ ᠮᠤᠩᠭ᠋ᠤᠯ ᠤᠨ ᠠᠩᠬᠠᠨ ᠤ ᠦᠭᠦᠯᠡᠯᠭᠡ ᠬᠡᠮᠡᠭᠳᠡᠭᠰᠡᠨ《ᠮᠤᠩᠭ᠋ᠤᠯ ᠤᠨ ᠤᠪᠠᠰᠢ ᠬᠤᠩ ᠲᠠᠢ᠌ᠵᠢ ᠶᠢᠨ ᠲᠤᠭᠤᠵᠢ》 ᠶᠢᠨ ᠲᠤᠮᠤᠭ ᠶᠠᠷᠢᠶ᠎ᠠ ᠯᠤᠭ᠎ᠠ ᠶᠢᠨ ᠬᠤᠯᠪᠤᠭ᠎ᠠ ᠬᠠᠷᠢᠴᠠᠭ᠎ᠠ ᠶᠢ ᠭᠦᠢᠴᠡᠳ ᠲᠤᠳᠤᠷᠠᠭᠤᠯᠬᠤ ᠶᠢ ᠵᠤᠷᠢᠵᠤ᠂ ᠤᠭ ᠪᠦᠳᠦᠭᠡᠯ ᠤᠨ ᠪᠢᠴᠢᠭ᠌ ᠶᠢᠡᠷ ᠤᠯᠠᠮᠵᠢᠯᠠᠭᠳᠠᠭᠰᠠᠨ ᠡᠴᠡ ᠭᠠᠳᠠᠨ᠎ᠠ ᠤᠷᠤᠰ ᠤᠨ ᠬᠠᠯᠢᠮᠠᠭᠴᠤᠳ ᠤᠨ ᠲᠤᠮᠳᠠ ᠠᠮᠠᠨ ᠤᠯᠠᠮᠵᠢᠯᠠᠯ ᠤᠨ ᠲᠡᠦᠬᠡᠨ ᠲᠤᠮᠤᠭ ᠪᠠᠢ᠌ᠭ᠎ᠠ᠂ ᠮᠤᠩᠭ᠋ᠤᠯ ᠰᠤᠳᠤᠯᠤᠯ ᠳᠤ ᠡᠷᠳᠡᠮᠳᠡᠨ ᠠᠯᠢ ᠡᠷᠳᠡ ᠲᠡᠭᠦᠨ ᠤ ᠲᠤᠮᠤᠭ ᠶᠠᠷᠢᠶ᠎ᠠ ᠶᠢᠨ ᠰᠠᠭᠤᠷᠢ ᠳᠤ ᠪᠢᠴᠢᠭ᠍᠍ᠳᠡᠭᠰᠡᠨ ᠲᠤᠬᠠᠢ ᠠᠵᠢᠭᠯᠠᠭᠰᠠᠨ ᠢ ᠤᠷᠢᠳ ᠶᠢᠡᠷ ᠲᠠᠨᠢᠯᠴᠠᠭᠤᠯᠪᠠ᠃ ᠡᠭᠦᠨ ᠤ ᠰᠠᠭᠤᠷᠢᠨ ᠳᠤ᠂ ᠤᠭ ᠪᠦᠳᠦᠭᠡᠯ ᠤᠨ ᠲᠤᠮᠤᠭ ᠶᠠᠷᠢᠶ᠎ᠠ ᠶᠢᠨ ᠢᠯᠡᠳᠭᠡᠬᠦ ᠠᠷᠭ᠎ᠠ ᠶᠢ ᠰᠠᠢ᠌ᠳᠤᠷ ᠠᠰᠢᠭᠯᠠᠭᠰᠠᠨ᠂ 《ᠦᠨᠦᠴᠢᠨ ᠬᠦᠪᠡᠭᠦᠨ ᠤ ᠰᠡᠴᠡᠯᠡᠭᠰᠡᠨ ᠱᠠᠰᠳᠢᠷ》 ᠲᠠᠢ ᠵᠤᠬᠢᠶᠠᠮᠵᠢ ᠠᠭᠤᠯᠭ᠎ᠠ ᠪᠡᠷ ᠶᠢᠡᠨ ᠮᠠᠰᠢ ᠤᠢ᠌ᠷᠠᠯᠴᠠᠭ᠎ᠠ ᠪᠠᠢ᠌ᠬᠤ᠂ ᠤᠢ᠌ᠷᠠᠳ ᠬᠠᠯᠬ᠎ᠠ ᠶᠢᠨ ᠲᠠᠢ᠌ᠨ ᠶᠢᠡᠷ ᠰᠡᠳᠦᠪᠯᠡᠭᠰᠡᠨ ᠤᠯᠠᠨ ᠲᠤᠮᠤᠭ ᠶᠠᠷᠢᠶ᠎ᠠ ᠲᠠᠢ ᠨᠢᠭ᠌ᠳᠠ ᠬᠠᠷᠢᠴᠠᠭ᠎ᠠ ᠲᠠᠢ ᠪᠠᠢ᠌ᠬᠤ ᠵᠡᠷᠭᠡ ᠭᠤᠷᠪᠠᠨ ᠲᠠᠯ᠎ᠠ ᠡᠴᠡ ᠲᠤᠮᠤᠭ ᠶᠠᠷᠢᠶᠠᠨ ᠤ ᠰᠢᠨᠵᠢ ᠶᠢ ᠦᠭᠦᠯᠡᠨ ᠲᠤᠳᠤᠷᠬᠠᠢ᠌ᠯᠠᠪᠠ᠃ |
Original Literature |
View Original Paper
|
出自 |
内蒙古民族大学学报(社会科学)
2015年
第2期
|