Title |
ᠬᠦᠬᠡᠬᠤᠲᠠ ᠶᠢᠨ ᠮᠣᠩᠭ᠋ᠤᠯ ᠬᠡᠦᠬᠡᠳ ᠤᠨ ᠮᠣᠩᠭ᠋ᠤᠯ ᠬᠡᠯᠡᠨ ᠤ ᠠᠪᠢᠶᠠᠨ ᠤ ᠣᠨᠴᠠᠯᠢᠭ ᠢ ᠰᠢᠨᠵᠢᠯᠡᠬᠦ ᠨᠢ |
Creator |
ᠨᠠᠨᠳᠢᠨ |
Keyword |
ᠬᠦᠬᠡᠬᠣᠲᠠ᠌; ᠮᠣᠩᠭ᠋ᠤᠯ ᠬᠡᠦᠬᠡᠳ;ᠮᠣᠩᠭ᠋ᠤᠯ ᠬᠡᠯᠡ; ᠬᠢᠴᠢᠶᠡᠩᠭᠦᠢ ᠠᠪᠢᠶ ᠠ |
Abstract |
ᠪᠦᠬᠦ ᠤᠯᠤᠰ ᠤᠨ ᠬᠡᠪᠴᠢᠶᠠᠨ ᠳᠡᠬᠢ ᠮᠣᠩᠭ᠋ᠤᠯ ᠬᠡᠯᠡᠨ ᠤ ᠨᠤᠲᠤᠭ ᠤᠨ ᠠᠶᠠᠯᠭᠤ ᠶᠢᠨ ᠪᠠᠢᠢᠴᠠᠭᠠᠯᠲᠠ ᠬᠢᠵᠤ ᠲᠠᠭᠤᠰᠤᠭᠠᠳ ᠲᠠᠪᠢᠨ ᠵᠢᠯ ᠭᠠᠷᠤᠢ ᠪᠣᠯᠵᠤ ᠪᠠᠢᠢᠨ᠎ᠠ᠃ ᠲᠡᠷᠡ ᠦᠶ ᠡ ᠳᠤ ᠣᠯᠠᠨ ᠰᠢᠯᠲᠠᠭᠠᠨᠡ ᠡᠴᠡ ᠪᠣᠯᠵᠤ ᠬᠦᠭᠡᠬᠣᠲᠠ ᠵᠢ ᠪᠠᠢᠢᠴᠠᠭᠠᠭᠰᠠᠨ ᠦᠭᠡᠢ᠃ ᠲᠡᠭᠡᠪᠡᠯ ᠲᠠᠪᠢᠨ ᠵᠢᠯ ᠤᠨ ᠲᠠᠷᠠᠭᠠᠬᠢ ᠦᠨᠦᠳᠦᠷ ᠬᠦᠮᠦᠰ ᠤᠨ ᠲᠤᠮᠳᠠ ᠨᠢᠭᠡᠨᠲᠡ 《ᠬᠦᠬᠡᠬᠤᠲᠠ ᠶᠢᠨ ᠮᠣᠨᠩᠭ᠋ᠤᠯ ᠬᠡᠦᠬᠡᠳ ᠤᠨ ᠬᠡᠯᠡ ᠨᠢ ᠰᠤᠨᠢᠨ》 ᠭᠡᠰᠡᠨ ᠣᠢᠢᠯᠠᠭᠠᠯᠲᠠ ᠪᠣᠢ ᠪᠣᠯᠤᠭᠰᠠᠨ ᠪᠠᠢᠢᠨ᠎ᠠ᠃ ᠡᠭᠦᠨ ᠤ ᠰᠢᠯᠲᠠᠭᠠᠨ ᠢ ᠬᠠᠢᠢᠨ ᠰᠦᠪᠡᠭ᠍ᠴᠢᠯᠡᠵᠦ ᠲᠣᠳᠤᠯᠠᠨ ᠲᠠᠢᠢᠯᠪᠤᠷᠢᠯᠠᠬᠤ ᠶᠢᠨ ᠲᠦᠯᠦᠭᠡ ᠬᠡᠰᠡᠭ ᠬᠦᠬᠡᠬᠤᠲᠠ ᠶᠢᠨ ᠮᠣᠩᠭ᠋ᠤᠯ ᠬᠡᠦᠬᠡᠳ(ᠰᠤᠷᠤᠭᠴᠢ) ᠲᠤ ᠠᠪᠢᠶ ᠠ ᠶᠢᠨ ᠪᠠᠢᠢᠴᠠᠭᠠᠯᠲᠠ ᠬᠢᠵᠤ᠂ ᠪᠠᠢᠢᠴᠠᠭᠠᠵᠤ ᠣᠯᠤᠭᠰᠠᠨ ᠮᠠᠲ᠍᠌ᠸᠷᠢᠶᠠᠯ ᠳᠠᠭᠠᠨ ᠪᠦᠷᠢᠳᠭᠡᠯ ᠬᠢᠵᠦ ᠵᠠᠳᠠᠯᠤᠨ ᠰᠢᠨᠵᠢᠯᠡᠭᠡᠳ《 ᠬᠦᠬᠡᠬᠣᠲᠠ ᠶᠢᠨ ᠮᠣᠩᠭ᠋ᠤᠯ ᠬᠡᠦᠬᠡᠳ ᠤᠨ ᠠᠪᠢᠶ ᠠ ᠨᠢ ᠦᠪᠦᠷ ᠮᠣᠩᠭ᠋ᠤᠯ ᠤᠨ ᠡᠯ ᠡ ᠨᠤᠲᠤᠭ ᠤᠨ ᠠᠮᠠᠨ ᠠᠶᠠᠯᠭᠤᠨ ᠢᠢᠡᠷ ᠬᠣᠯᠢᠯᠳᠤᠨ ᠪᠦᠷᠯᠢᠳᠦᠭᠰᠡᠨ《 ᠬᠢᠴᠢᠶᠡᠩᠭᠦᠢ ᠠᠪᠢᠶ ᠠ》ᠪᠣᠯᠤᠨ᠎ᠠ ᠬᠡᠮᠡᠬᠦ ᠮᠣᠴᠢᠳ ᠦᠵᠡᠯᠲᠡ ᠪᠠᠨ ᠲᠡᠪᠰᠢᠭᠦᠯᠵᠠᠢ᠃ |
Original Literature |
View Original Paper
|
出自 |
中国蒙古学
2011年
第5期
|