Paper Information


Title ᠭᠤᠮᠢᠨᠳᠠᠩ ᠤᠨ ᠨᠣᠶᠠᠷᠬᠠᠯ ᠤᠨ ᠬᠤᠭᠤᠴᠠᠭᠠᠨ ᠳ᠋ᠡᠬᠢ ᠦᠪᠦᠷ ᠮᠣᠩᠭ᠋ᠤᠯ ᠤᠨ ᠴᠢᠭᠤᠯᠭᠠᠨ ᠬᠤᠰᠢᠭᠤᠨ ᠤ ᠵᠠᠰᠠᠭ ᠵᠠᠬᠢᠷᠭᠠᠨ ᠤ ᠪᠠᠢᠢᠭᠤᠯᠤᠮᠵᠢ ᠶᠢᠨ ᠬᠣᠪᠢᠷᠠᠯ
Creator ᠪᠦᠬᠡᠴᠢᠯᠠᠭᠤ〔ᠬᠦᠬᠡᠬᠤᠲᠠ010051〕
Keyword ᠭᠤᠮᠢᠨᠳᠠᠩ ᠤᠨ ᠨᠣᠶᠠᠷᠬᠠᠯ; ᠴᠢᠭᠤᠯᠭᠠᠨ ᠬᠤᠰᠢᠭᠤ; ᠮᠣᠵᠢ ᠰᠢᠶᠠᠨ; ᠵᠠᠰᠠᠭ ᠵᠠᠬᠢᠷᠭᠠᠨ ᠤ ᠪᠠᠢᠢᠭᠤᠯᠤᠮᠵᠢ
Abstract ᠭᠤᠮᠢᠨᠳᠠᠩ ᠤᠨ ᠨᠣᠶᠠᠷᠬᠠᠯ ᠤᠨ ᠬᠤᠭᠤᠴᠠᠭᠠᠨ ᠳᠤ ᠵᠢᠶᠠᠩ ᠵᠢᠶᠸ ᠱᠢ ᠪᠡᠷ ᠲᠤᠯᠤᠭᠠᠢᠢᠯᠠᠭᠤᠯᠤᠭᠰᠠᠨ ᠪᠠᠷᠠᠭᠤᠨᠲᠠᠳ ᠤᠠᠮᠷᠠᠲᠤ ᠶᠢᠨ ᠴᠡᠷᠢᠭ ᠤᠨ ᠡᠷᠬᠡᠲᠡᠨ ᠤ ᠦᠨᠳᠦᠰᠦᠲᠡᠨ ᠢ ᠭᠠᠳᠠᠭᠤᠷᠴᠢᠯᠠᠬᠤ ᠲᠦᠷᠦ ᠶᠢᠨ ᠪᠣᠳᠤᠯᠭ᠋ ᠠ ᠵᠢ ᠯᠠᠪᠰᠢᠷᠠᠭᠤᠯᠤᠨ ᠭᠡᠷᠡᠭᠵᠢᠬᠦᠯᠵᠦ᠂ ᠦᠪᠦᠷ ᠮᠣᠩᠭ᠋ᠤᠯ ᠤᠨ ᠴᠢᠭᠤᠯᠭᠠᠨ ᠬᠤᠰᠢᠭᠤᠨ ᠤ ᠲᠤᠰᠠᠭᠠᠷ ᠡᠷᠭᠡ ᠵᠢ ᠬᠠᠰᠤᠵᠤ ᠮᠣᠵᠢ ᠰᠥᠶᠠᠨ ᠢᠢᠡᠷ ᠣᠷᠤᠯᠠᠭᠤᠯᠤᠨ᠂ᠶᠡᠬᠡ ᠬᠡᠮᠵᠢᠶᠠᠨ ᠤ ᠬᠢᠲᠡᠳ ᠢᠷᠭᠡᠳ ᠢ ᠮᠣᠩᠭ᠋ᠤᠯ ᠨᠤᠲᠤᠭ ᠲᠤ ᠨᠡᠭᠦᠯᠭᠡᠨ᠂ᠮᠠᠯ ᠤᠨ ᠪᠡᠯᠴᠢᠭᠡᠷ ᠢ ᠡᠪᠲᠡᠨ ᠠᠳᠠᠷ ᠬᠠᠭᠠᠯᠪᠤᠷᠢᠯᠠᠭᠰᠠᠨ ᠡᠴᠡ ᠦᠪᠦᠷ ᠮᠣᠩᠭ᠋ᠤᠯ ᠣᠷᠤᠨ ᠤ ᠮᠣᠩᠭ᠋ᠤᠯ ᠬᠢᠲᠠᠳ ᠠᠷᠠᠳ ᠲᠦᠮᠡᠨ ᠤ ᠡᠭᠦᠷᠭᠡ ᠲᠠᠷᠤᠭᠠᠰᠤ ᠵᠢ ᠬᠦᠨᠳᠦᠷᠡᠭᠦᠯᠦᠨ᠂ ᠮᠣᠩᠭ᠋ᠤᠯ ᠤᠨ ᠠᠯ ᠠᠬᠤ ᠠᠬᠤᠢ ᠳᠤ ᠬᠦᠨᠳᠦ ᠬᠡᠴᠡᠭᠦ ᠡᠪᠳᠡᠯᠭᠡ ᠬᠣᠬᠢᠷᠠᠯ ᠤᠴᠠᠷᠠᠭᠤᠯᠪᠠ᠃ ᠮᠦᠨ ᠴᠦ ᠮᠣᠩᠭ᠋ᠤᠯ ᠣᠷᠤᠨ ᠤ ᠨᠡᠢᠢᠭᠡᠮ ᠤᠨ ᠵᠦᠷᠢᠴᠡᠯ ᠢ ᠬᠤᠷᠴᠠᠳᠬᠠᠵᠤ᠂ ᠨᠤᠲᠤᠭ ᠤᠰᠤ ᠪᠠᠨ ᠬᠠᠮᠠᠭᠠᠯᠠᠬᠤ᠂ ᠠᠲᠠᠷ ᠬᠠᠭᠠᠯᠪᠤᠷᠢᠯᠠᠬᠤ ᠵᠢ ᠡᠰᠡᠷᠭᠦᠴᠡᠭᠰᠡᠨ ᠪᠣᠰᠤᠯᠭ᠋ ᠠ ᠲᠡᠮᠡᠴᠡᠯ ᠦᠪᠦᠷ ᠮᠣᠩᠭ᠋ᠤᠯ ᠤᠨ ᠵᠡᠭᠦᠨ ᠪᠠᠷᠠᠭᠤᠨ ᠪᠦᠰᠡ ᠪᠡᠷ ᠨᠡᠢᠢᠲᠡᠮ ᠡᠭᠦᠰᠦᠭᠰᠡᠨ ᠪᠠᠢᠢᠨ᠌ ᠠ᠃
Original Literature View Original Paper
出自 蒙古学研究 2014年 第1期

联系我们


内蒙古大学图书馆
呼和浩特市大学西路235号
中国·内蒙古
P: (0471) 4992561
E: huangfeilong@imu.edu.cn