Title |
ᠰᠢᠨ᠎ᠡ ᠡᠷᠢᠨ ᠦ ᠮᠣᠩ᠋ᠭᠤᠯ ᠬᠡᠯᠡᠨ ᠦ ᠲᠤᠭᠤᠵᠢᠰ ᠤᠨ ᠬᠡᠯᠡ ᠬᠡᠯᠡᠯᠭᠡ ᠶᠢᠨ ᠲᠤᠬᠠᠢ ᠰᠤᠳᠤᠯᠭᠠᠨ ᠤ ᠪᠠᠢ᠌ᠳᠠᠯ |
Creator |
ᠬᠠ᠂ ᠤᠯᠠᠭᠠᠨᠪᠠᠭᠠᠲᠤᠷ |
Keyword |
ᠰᠢᠨ᠎ᠡ ᠡᠷᠢᠨ; ᠮᠣᠩ᠋ᠭᠤᠯ ᠬᠡᠯᠡᠨ ᠦ ᠲᠤᠭᠤᠵᠢᠰ; ᠬᠡᠯᠡ ᠬᠡᠯᠡᠯᠭᠡ; ᠰᠤᠳᠤᠯᠭᠠᠨ ᠤ ᠪᠠᠢ᠌ᠳᠠᠯ |
Abstract |
ᠡᠷᠳᠡᠮᠲᠡᠳ ᠡᠴᠡ ᠰᠢᠨ᠎ᠡ ᠡᠷᠢᠨ ᠦ ᠮᠣᠩ᠋ᠭᠤᠯ ᠬᠡᠯᠡᠨ ᠲᠤᠭᠤᠵᠢᠰ ᠤᠨ ᠬᠡᠯᠡ ᠬᠡᠯᠡᠯᠭᠡ ᠶᠢ ᠵᠤᠬᠢᠶᠠᠯ ᠪᠦᠲᠦᠭᠡᠯ ᠦᠨ ᠬᠡᠯᠡᠨ ᠦ ᠡᠩ ᠦᠨ ᠣᠨᠴᠠᠯᠢᠭ᠂ ᠠᠮᠠᠨ ᠵᠤᠬᠢᠶᠠᠯ ᠤᠨ ᠬᠡᠯᠡᠨ ᠦ ᠤᠯᠠᠮᠵᠢᠯᠠᠯ᠂ ᠨᠤᠲᠤᠭ ᠤᠰᠤᠨ ᠤ ᠰᠢᠨᠵᠢ ᠲᠤᠭᠤᠷᠢᠶᠠᠯ ᠭᠡᠬᠦ ᠵᠡᠷᠭᠡ ᠢᠯᠡ ᠳᠡᠭᠲᠡᠷ; ᠬᠡᠯᠡᠭᠦᠢ ᠬᠢᠭᠡᠳ ᠬᠡᠯ ᠰᠤᠶᠤᠯ ᠤᠨ ᠣᠷᠴᠢᠨ᠂ ᠦᠭᠦᠯᠡᠪᠦᠷᠢ ᠶᠢᠨ ᠪᠦᠲᠦᠴᠡ ᠬᠡᠪᠰᠢᠯ᠂ ᠣᠳᠣᠬᠢᠴᠢ ᠬᠡᠯᠪᠡᠷᠢᠯ ᠵᠡᠷᠭᠡ ᠭᠦᠨ ᠳᠡᠭᠲᠡᠷ ᠦᠨ ᠬᠠᠷᠠᠭᠠᠰᠤ ᠵᠤᠭᠰᠤᠴᠠ ᠠᠴᠠ ᠰᠢᠨᠵᠢᠯᠡᠵᠦ᠂ ᠪᠢᠳᠡᠨ ᠦ ᠰᠤᠳᠤᠯᠭᠠᠨ ᠳᠤ ᠰᠠᠭᠤᠷᠢ ᠲᠠᠯᠪᠢᠵᠠᠢ᠃ ᠳᠡᠯᠭᠡᠷ᠂ ᠳ᠋ᠤ᠂ ᠮᠦᠩᠬᠡ᠂ ᠰᠦᠶᠦᠭᠡ ᠪᠡ ᠮᠦᠯᠰᠦᠨ ᠨᠠᠷ ᠤᠨ ᠦᠭᠦᠯᠡᠯ ᠳᠦ ᠤᠷᠠᠨ ᠵᠤᠬᠢᠶᠠᠯ ᠤᠨ ᠬᠡᠯᠡ ᠰᠢᠨᠵᠢᠯᠡᠯ ᠦᠨ ᠬᠠᠷᠠᠭᠠᠰᠤ ᠪᠠᠷ ᠰᠢᠨ᠎ᠡ ᠡᠷᠢᠨ ᠦ ᠮᠣᠩ᠋ᠭᠤᠯ ᠬᠡᠯᠡᠨ ᠦ ᠲᠤᠭᠤᠵᠢᠰ ᠢ ᠰᠤᠳᠤᠯᠬ ᠣᠨᠣᠯ ᠠᠷᠭ᠎ᠠ ᠶᠢᠨ ᠪᠡᠯᠡᠳᠭᠡᠯ ᠨᠦᠬᠦᠴᠡᠯ ᠪᠤᠯᠵᠠᠢ᠃ ᠰᠦᠨ ᠭᠤᠤ᠎ᠠ ᠶᠢᠨ ᠬᠡᠯᠡ ᠬᠡᠯᠡᠯᠭᠡ ᠶᠢᠨ ᠠᠶᠠᠰ ᠠᠢ᠌ᠵᠠᠮ᠂ ᠰᠤᠶᠤ ᠰᠡᠳᠬᠢᠭᠦᠢ ᠶᠢᠨ ᠪᠦᠲᠦᠴᠡ ᠶᠢᠨ ᠲᠠᠯ᠎ᠠ ᠪᠠᠷ ᠬᠢ ᠰᠢᠨᠵᠢᠯᠡᠯ ᠨᠢ ᠤᠬᠠᠮᠰᠠᠷᠲᠤ ᠰᠤᠳᠤᠯᠭᠠᠨ ᠤ ᠱᠠᠲᠤᠨ ᠳᠤ ᠠᠬᠢᠭᠰᠠᠨ ᠢ ᠬᠠᠷᠠᠭᠤᠯᠵᠤ᠂ ᠴ᠂ ᠴᠤᠯᠮᠤᠨ ᠤ ᠰᠤᠳᠤᠯᠤᠯ ᠪᠤᠯ ᠲᠡᠭᠦᠨ ᠦ ᠨᠦᠬᠦᠪᠦᠷᠢᠯᠡᠯ ᠪᠤᠯᠵᠠᠢ᠃ ᠭᠡᠪᠡᠴᠦ ᠳᠡᠭᠡᠷᠡᠬᠢ ᠰᠤᠳᠤᠯᠭᠠᠨ ᠨᠢ ᠦᠨᠳᠦᠰᠦᠨ ᠳᠡᠭᠡᠨ ᠭᠠᠭᠴᠠ ᠨᠢᠭᠡᠨ ᠵᠤᠢᠶᠠᠯᠴᠢ ᠶᠢᠨ ᠪᠦᠲᠦᠭᠡᠯ ᠪᠤᠶᠤ ᠨᠤᠲᠤᠭ ᠤᠰᠤᠨ ᠤ ᠲᠤᠭᠤᠵᠢᠰ ᠲᠤ ᠠᠩ᠋ᠬᠠᠷᠤᠯ ᠢᠶᠠᠨ ᠬᠠᠨᠳᠤᠭᠤᠯᠵᠤ᠂ ᠪᠦᠬᠦᠢ᠌ᠯᠡ ᠰᠢᠨ᠎ᠡ ᠡᠷᠢᠨ ᠦ ᠮᠣᠩ᠋ᠭᠤᠯ ᠬᠡᠯᠡᠨ ᠦ ᠲᠤᠭᠤᠵᠢᠰ ᠢ ᠬᠡᠯᠡᠨ ᠦ ᠤᠯᠠᠮᠵᠢᠯᠠᠯ᠂ ᠣᠨᠳᠤᠤᠰᠢᠯ᠂ ᠰᠢᠨᠡᠴᠢᠯᠡᠯ ᠦᠨ ᠳᠯᠭᠡᠷ ᠬᠠᠷᠠᠭᠠᠰᠤ ᠪᠠᠷ ᠰᠢᠰᠲ᠋ᠧᠮ ᠲᠡᠢ᠂ ᠭᠦᠨᠵᠡᠭᠡᠢ ᠰᠢᠨᠵᠢᠯᠡᠭᠰᠡᠨ ᠲᠤᠰᠬᠠᠢ ᠪᠦᠲᠦᠭᠡᠯ ᠬᠠᠷᠠᠬᠠᠨ ᠢᠯᠡᠷᠡᠭᠡ ᠦᠭᠡᠢ ᠪᠠᠢ᠌ᠭᠰᠠᠭᠠᠷ᠃ |
Original Literature |
View Original Paper
|
出自 |
中国蒙古学
2013年
第6期
|