Abstract |
ᠲᠤᠰ ᠦᠭᠦᠯᠡᠯ ᠳᠦ ᠰᠢᠨ᠎ᠡ ᠡᠷᠢᠨ ᠦ ᠰᠢᠨᠵᠢᠶᠠᠩ ᠤᠨ ᠣᠢ᠌ᠷᠠᠳ ᠤᠨ ᠮᠣᠩ᠋ᠭᠤᠯ ᠲᠤᠭᠤᠵᠢᠰ ᠤᠨ ᠰᠢᠦᠮᠵᠢᠯᠡᠯ ᠢ ᠰᠤᠪᠢᠨ ᠰᠢᠨᠵᠢᠯᠡᠪᠡ᠃ ᠭᠤᠴᠢᠭᠠᠳ ᠵᠢᠯ ᠦᠨ ᠲᠤᠷᠰᠢ ᠰᠢᠨᠵᠢᠶᠠᠩ ᠤᠨ ᠣᠢ᠌ᠷᠠᠳ ᠤᠨ ᠮᠣᠩ᠋ᠭᠤ ᠲᠤᠭᠤᠵᠢᠰ ᠤᠨ ᠰᠢᠭᠦᠮᠵᠢᠯᠡᠯ ᠨᠢ ᠲᠤᠭᠤᠵᠢᠰ ᠤᠨ ᠤᠳᠬ᠎ᠠ ᠰᠡᠳᠦᠪ᠂ ᠳᠦᠷᠢ ᠪᠦᠲᠦᠭᠡᠯᠲᠡ ᠶᠢ ᠨᠡᠯᠢᠶᠡᠳ ᠭᠦᠨᠵᠡᠭᠡᠢ ᠬᠠᠢ᠌ᠨ ᠰᠢᠨᠵᠢᠯᠡᠵᠦ ᠴᠢᠳᠠᠭᠰᠠᠨ ᠲᠡᠳᠦᠢ ᠦᠭᠡᠢ᠂ ᠪᠠᠰᠠ ᠰᠢᠭᠦᠮᠵᠢ ᠶᠢᠨ ᠵᠠᠪᠤᠷ ᠤᠨ ᠲᠤᠬᠠᠢ᠂ ᠵᠢᠴᠢ ᠬᠦᠦᠷᠨᠢᠯ ᠦᠨ ᠪᠦᠲᠦᠴᠡ ᠬᠢᠭᠡᠳ ᠬᠦᠦᠷᠨᠢᠬᠦ ᠬᠠᠷᠠᠭᠠᠰᠤ ᠶᠢᠨ ᠤᠷᠠᠯᠢᠭ᠂ ᠵᠤᠬᠢᠶᠠᠯᠴᠢᠳ ᠤᠨ ᠵᠤᠬᠢᠶᠠᠨ ᠪᠦᠲᠦᠭᠡᠬᠦ ᠣᠷᠤᠨ ᠨᠤᠲᠤᠭ ᠤᠨ ᠰᠤᠶᠤᠯ ᠰᠡᠳᠬᠢᠴᠡ᠂ ᠲᠤᠭᠤᠵᠢᠰ ᠤᠷᠠᠯᠢᠭ ᠤᠨ ᠬᠡᠯᠡ ᠨᠠᠢ᠌ᠷᠠᠭᠤᠯᠭ᠎ᠠ ᠶᠢᠨ ᠤᠷᠠᠨ ᠤ ᠲᠤᠬᠠᠢ ᠰᠢᠭᠦᠮᠵᠢᠯᠡᠯ ᠵᠡᠷᠭᠡ ᠲᠠᠯ᠎ᠠ ᠪᠠᠷ ᠶᠡᠬᠡ ᠬᠤᠪᠢᠷᠠᠯᠲᠠ ᠲᠠᠢ ᠪᠤᠯᠤᠭᠰᠠᠨ ᠢ ᠰᠢᠨᠵᠢᠯᠡᠪᠡ᠃ |