Paper Information


Title 《ᠬᠤᠷᠴᠢᠨ ᠢ ᠡᠷᠢᠬᠦᠢ》ᠲᠤᠭᠤᠵᠢ ᠳ᠋ᠡᠬᠢ ᠬᠡᠯᠡ ᠬᠡᠯᠡᠯᠭᠡ ᠶᠢᠨ ᠭᠤᠤ ᠠ ᠰᠠᠢᠬᠠᠨ
Creator ᠲᠤᠶᠠᠭ᠎ᠠ
Keyword ᠲᠤᠭᠤᠵᠢ;《ᠬᠤᠷᠴᠢᠨ ᠢ ᠡᠷᠢᠬᠦᠢ》; ᠬᠡᠯᠡ ᠬᠡᠯᠡᠯᠭᠡ; ᠭᠤᠤ ᠠ ᠰᠠᠢᠬᠠᠨ
Abstract 《ᠬᠤᠷᠴᠢᠨ ᠢ ᠡᠷᠢᠬᠦᠢ》ᠭᠡᠬᠦ ᠲᠤᠭᠤᠵᠢᠨᠢ ᠦᠨᠳᠦᠰᠦᠲᠡᠨ ᠤ ᠡᠭᠡ ᠨᠤᠲᠤᠭ ᠬᠤᠷᠴᠢᠨ ᠤ ᠪᠠᠨ ᠬᠠᠲᠠᠭᠤ ᠪᠡᠷᠭᠡᠰᠢᠶᠡᠯᠲᠦ ᠪᠣᠳᠠᠳᠤ ᠠᠬᠤᠢ ᠠᠮᠢᠳᠤᠷᠠᠯ ᠳᠤ ᠰᠠᠭᠤᠷᠢᠯᠠᠵᠤ᠂ ᠬᠤᠴᠢᠨᠴᠤᠳ ᠤᠨ ᠨᠡᠢᠭᠡᠮ ᠲᠡᠦᠬᠡ ᠰᠣᠶᠣᠯ ᠤᠨ ᠤᠪᠢᠷᠠᠯ᠂ ᠢᠳᠡᠭᠳᠡᠯ᠂ ᠣᠨᠳᠤᠤᠰᠢᠯ᠂ ᠲᠤᠷᠤᠢᠳᠠᠯ ᠵᠡᠷᠭᠡ ᠵᠢ ᠵᠢᠷᠤᠭᠯᠠᠵᠤ᠂ ᠣᠩᠰᠢᠭᠴᠢᠳ ᠲᠤ ᠬᠦᠨ ᠴᠢᠬᠢᠮᠡᠢ ᠭᠤᠤ ᠠ ᠰᠡᠩᠭᠡᠷᠡᠯ ᠤᠨ ᠰᠠᠭᠤᠭᠳᠠᠯ ᠦᠭᠴᠦ ᠴᠢᠳᠠᠵᠠᠢ᠃ ᠵᠣᠬᠢᠶᠠᠯᠴᠢ ᠡᠴᠡ ᠡᠨ ᠬᠦ ᠰᠠᠨᠠᠭ᠎ᠠ ᠪᠠᠨ ᠢᠯᠡᠷᠡᠬᠦᠯᠬᠦ ᠳᠤ ᠪᠠᠨ ᠠᠯᠢ ᠤᠯᠠᠨ ᠠᠮᠢᠳᠤᠯᠢᠭ ᠰᠠᠢᠬᠠᠨ ᠵᠦᠢᠷᠯᠡᠯ ᠲᠦᠷᠰᠦᠯᠡᠯ᠂ ᠵᠦᠢᠷ ᠰᠡᠴᠡᠨ ᠦᠭᠡᠰ᠂ ᠤᠨᠢᠰᠤᠭ᠎ᠠ ᠲᠠᠭᠠᠪᠤᠷᠢ ᠵᠢ ᠪᠢᠴᠨ ᠣᠷᠤᠭᠤᠯᠵᠤ᠂ ᠬᠠᠪᠤᠯᠢᠭ ᠰᠠᠢᠬᠠᠨ ᠬᠡᠯᠡ ᠬᠡᠯᠡᠯᠭᠡ ᠪᠡᠷ ᠭᠤᠤᠯ ᠦᠵᠡᠯ ᠰᠠᠨᠠᠭ᠎ᠠ ᠪᠠᠨ ᠤᠷᠠᠨ ᠢᠢᠡᠷ ᠢᠯᠡᠳᠭᠡᠵᠦ ᠴᠢᠳᠠᠭᠰᠠᠨ ᠪᠠᠢᠨ᠎ᠠ᠃ ᠲᠤᠰ ᠦᠭᠦᠯᠠᠯ ᠳ᠋ᠦ 《ᠬᠤᠷᠴᠢᠨ ᠢ ᠡᠷᠢᠬᠦᠢ》ᠭᠡᠬᠦ ᠲᠤᠭᠤᠵᠢᠰ ᠲᠡᠬᠦ ᠬᠡᠯᠡ ᠬᠡᠯᠡᠯᠭᠡ ᠶᠢᠨ ᠭᠤᠤ ᠠ ᠰᠠᠢᠬᠠᠨ ᠤ ᠰᠢᠨᠵᠢ ᠵᠢ ᠤᠷᠠᠨ ᠨᠠᠢᠷᠠᠭᠤᠯᠭ᠎ᠠ ᠶᠢᠨ ᠬᠡᠯᠡ ᠬᠡᠯᠡᠯᠭᠡ ᠵᠢ ᠠᠮᠢᠳᠤᠯᠢ ᠤᠨᠤᠭᠠᠨ ᠭᠡᠷᠡᠭᠡᠯᠡᠭᠰᠡᠨ᠂ ᠠᠷᠠᠳ ᠤᠨ ᠵᠦᠢᠷ ᠰᠡᠴᠡᠨ ᠦᠭᠡ᠂ᠤᠨᠢᠰᠤᠭ᠎ᠠ ᠮᠡᠲᠦ ᠵᠢ ᠡᠪ ᠬᠠᠪᠤᠯᠢᠭ ᠤᠨᠤᠭᠠᠵᠤ ᠬᠡᠷᠡᠭᠡᠯᠭᠰᠡᠨ᠂ ᠮᠣᠩᠭᠤᠯ ᠠᠷᠠᠳ ᠤᠨ ᠵᠠᠩ ᠦᠢᠯᠡ ᠳ᠋ᠦ ᠬᠤᠯᠪᠤᠭᠳᠠᠭᠰᠠᠨ ᠦᠭᠡ ᠦᠭᠦᠯᠡᠪᠦᠷᠢ ᠵᠢ ᠬᠠᠪᠤᠯᠢᠭ ᠰᠠᠢᠬᠠᠨ ᠬᠡᠷᠡᠭᠡᠯᠭᠰᠡᠨ ᠭᠡᠬᠦ ᠭᠤᠷᠪᠠᠨ ᠲᠠᠯ ᠠ ᠡᠴᠡ ᠨᠤᠲᠠᠯᠠᠭᠰᠠᠨ ᠪᠠᠢᠳᠠᠭ᠃
Original Literature View Original Paper
出自 赤峰学院学报(蒙文哲学社会科学版) 2015年 第1期

联系我们


内蒙古大学图书馆
呼和浩特市大学西路235号
中国·内蒙古
P: (0471) 4992561
E: huangfeilong@imu.edu.cn