Paper Information


Title ᠪᠢᠴᠢᠭ᠌ ᠦᠰᠦᠭ ᠦᠨ ᠲᠠᠯ᠎ᠠ ᠪᠠᠷ ᠨᠡᠭᠦᠳᠡᠯᠴᠢᠳ ᠦᠨ ᠬᠤᠷᠠᠮᠳᠤᠭᠤᠯᠤᠭᠰᠠᠨ ᠲᠤᠷᠰᠢᠯᠭ᠎ᠠ
Creator 〔ᠮᠤᠨᠭᠭᠤᠯ〕ᠯ‍᠂ ᠪᠤᠯᠤᠳ
Keyword ᠨᠡᠭᠦᠳᠡᠯᠴᠢᠳ; ᠪᠢᠴᠢᠭ᠌ ᠦᠰᠦᠭ; ᠬᠤᠷᠠᠮᠳᠤᠭᠤᠯᠤᠭᠰᠠᠨ ᠲᠤᠷᠰᠢᠯᠭ᠎ᠠ
Abstract ᠤᠯᠠᠩᠭᠢ ᠰᠤᠳᠤᠯᠤᠭᠴᠢᠳ ᠤᠨ ᠦᠵᠡᠵᠦ ᠪᠠᠶᠢᠭ᠎ᠠ ᠪᠠᠷ ᠦᠰᠦᠭ ᠪᠢᠴᠢᠭ᠌ ᠪᠤᠯ ᠲᠤᠬᠠᠢ ᠶᠢᠨ ᠦᠨᠳᠰᠦᠦᠲᠡᠨ ᠦ ᠬᠡᠯᠡᠨ ᠦ ᠲᠤᠳᠤᠷᠬᠠᠢ ᠦᠶ᠎ᠡ ᠶᠢ ᠬᠤᠵᠢᠮ ᠤᠨ ᠦᠶ᠎ᠡ ᠲᠡᠢ ᠨᠢ ᠬᠤᠯᠪᠤᠬᠤ ᠬᠡᠷᠡᠭᠯᠡᠭᠦᠷ᠂ ᠪᠠᠰᠠ ᠨᠡᠶᠢᠭᠡᠮ ᠢ ᠨᠢᠭᠲᠠᠷᠠᠭᠤᠯᠬᠤ ᠴᠢᠬᠤᠯᠠ ᠬᠦᠴᠦᠨ ᠵᠤᠶᠢᠯ ᠪᠤᠯᠳᠠᠭ ᠠᠵᠢ᠃ ᠡᠭᠦᠨ ᠢ ᠡᠷᠲᠡ ᠤᠬᠠᠭᠠᠷᠠᠭᠰᠠᠨ ᠮᠠᠨ ᠤ ᠡᠪᠦᠭᠡ ᠳᠡᠭᠡᠳᠦᠰ ᠦᠪᠡᠷ ᠦᠨ ᠬᠡᠯᠡᠨ ᠳᠡᠭᠡᠨ ᠲᠤᠬᠢᠷᠠᠭᠰᠠᠨ ᠪᠢᠴᠢᠭ᠌ ᠦᠰᠦᠭ ᠦᠨ ᠰᠢᠰᠲ᠋ᠧᠮ ᠢ ᠪᠤᠯᠪᠠᠰᠷᠠᠭᠤᠯᠬᠤ ᠲᠠᠯ ᠠ ᠪᠠᠷ ᠪᠠᠭ᠎ᠠ ᠦᠭᠡᠢ ᠲᠤᠷᠰᠢᠯᠭ᠎ᠠ ᠬᠤᠷᠠᠮᠳᠤᠭᠤᠯᠵᠤ ᠢᠷᠡᠭᠰᠡᠨ ᠪᠢᠯᠡ᠃ 《ᠲᠠᠯ ᠠ ᠶᠢᠨ ᠨᠤᠲᠤᠭ ᠤᠨ ᠰᠤᠶᠤᠯ》᠋ ᠤᠨ ᠨᠢᠭᠡ ᠴᠢᠬᠤᠯᠠ ᠪᠦᠷᠢᠯᠳᠦᠭᠦᠨ ᠬᠡᠰᠡᠭ ᠪᠤᠯᠤᠭᠰᠠᠨ ᠪᠢᠴᠢᠭ᠌ ᠦᠰᠦᠭ ᠦᠨ ᠲᠠᠯ᠎ᠠ ᠪᠠᠷ ᠬᠢ ᠨᠡᠭᠦᠳᠡᠯᠴᠢᠳ ᠦᠨ ᠬᠤᠷᠠᠮᠳᠤᠭᠤᠯᠤᠭᠰᠠᠨ ᠡᠨᠡ ᠲᠤᠷᠰᠢᠯᠭ᠎ᠠ ᠨᠢ ᠵᠦᠪᠬᠡᠨ ᠰᠢᠨᠵᠢᠯᠡᠬᠦ ᠤᠬᠠᠭᠠᠨ ᠤ ᠬᠤᠪᠢ ᠳᠤ ᠰᠤᠨᠢᠷᠬᠠᠯᠲᠠᠢ ᠲᠡᠳᠦᠢ ᠦᠭᠡᠢ᠂ 《ᠪᠦᠬᠦ ᠨᠡᠶᠢᠲᠡ ᠪᠡᠷ ᠢᠶᠡᠨ ᠪᠢᠴᠢᠭ᠌ ᠦᠰᠦᠭᠲᠡᠨ ᠪᠤᠯᠬᠤ ᠨᠢᠭᠡᠲᠦᠭᠰᠡᠨ ᠦᠨᠳᠦᠰᠦᠲᠡᠨ ᠦ ᠪᠠᠶᠢᠭᠤᠯᠭ᠎ᠠ ᠶᠢᠨ ᠠᠷᠪᠠᠨ ᠵᠢᠯ (2002 — 2012)》᠋ ᠤᠨ ᠬᠦᠷᠢᠶᠡᠨ ᠳᠦ ᠬᠠᠮᠢᠶᠠᠷᠤᠭᠤᠯᠤᠨ ᠦᠵᠡᠪᠡᠯ ᠪᠠᠰᠠ ᠫᠠᠷᠠᠺᠲ᠋ᠢᠭ ᠤᠨ ᠶᠡᠬᠡᠬᠡᠨ ᠠᠴᠢ ᠬᠤᠯᠪᠤᠭᠳᠠᠯ ᠲᠠᠢ ᠭᠡᠳᠡᠭ ᠢ ᠲᠡᠮᠳᠡᠭᠯᠡᠬᠦ ᠬᠡᠷᠡᠭᠲᠡᠢ ᠪᠠᠶᠢᠨ᠎ᠠ᠃
Original Literature View Original Paper
出自 中国蒙古学 2010年 第4期

联系我们


内蒙古大学图书馆
呼和浩特市大学西路235号
中国·内蒙古
P: (0471) 4992561
E: huangfeilong@imu.edu.cn