Abstract |
ᠵᠠᠭᠤᠨ ᠮᠤᠳᠤᠨ ᠤ ᠳᠠᠢ᠌ᠨ ᠤ ᠳᠠᠷᠠᠭᠠᠬᠢ ᠭᠠᠯᠳᠠᠨ ᠪᠤᠱᠤᠭᠲᠤ ᠬᠠᠭᠠᠨ ᠤ ᠲᠤᠬᠠᠢ ᠰᠤᠳᠤᠯᠤᠯᠭ᠎ᠠ ᠳᠤᠲᠠᠮᠠᠭ ᠪᠠᠢ᠌ᠭ᠎ᠠ ᠲᠤᠯᠠ᠂ ᠲᠤᠰ ᠦᠭᠦᠯᠡᠯ ᠡᠩᠬᠡ ᠠᠮᠤᠭᠤᠯᠠᠩ ᠲᠦᠷᠦ ᠶᠢᠨ ᠮᠠᠨᠵᠤ ᠦᠰᠦᠭ ᠦᠨ ᠳᠠᠩᠰᠠ ᠮᠠᠲ᠋ᠧᠷᠢᠶᠠᠯ ᠢ ᠠᠰᠢᠭᠯᠠᠨ᠂ ᠡᠩᠬᠡ ᠠᠮᠤᠭᠤᠯᠠᠩ ᠲᠦᠷᠦ ᠶᠢᠨ ᠦᠶ᠎ᠡ ᠳᠦ ᠨᠠᠢ᠌ᠷᠠᠭᠤᠯᠤᠭᠰᠠᠨ 《ᠪᠡᠶ᠎ᠡ ᠪᠡᠷ ᠳᠠᠢ᠌ᠯᠠᠵᠤ ᠪᠠᠷᠠᠭᠤᠨ ᠬᠤᠢ᠌ᠳᠤᠬᠢ ᠶᠢ ᠲᠦᠪᠰᠢᠳᠭᠡᠨ ᠳᠠᠭᠠᠭᠤᠯᠤᠭᠰᠠᠨ ᠪᠤᠳᠤᠯᠭ᠎ᠠ ᠶᠢᠨ ᠪᠢᠴᠢᠭ᠌》 ᠵᠡᠷᠭᠡ ᠲᠤᠯᠭᠠᠭᠤᠷᠢ ᠪᠢᠴᠢᠭ᠌ ᠦᠨ ᠯᠠᠪᠯᠠᠯᠲᠠ ᠲᠠᠢ ᠪᠠᠷ ᠭᠠᠯᠳᠠᠨ ᠪᠤᠱᠤᠭᠲᠤ ᠶᠢᠨ ᠰᠡᠭᠦᠯ ᠦᠨ ᠦᠶ᠎ᠡ ᠶᠢᠨ ᠠᠵᠢᠯᠯᠠᠭ᠎ᠠ᠂ ᠨᠡᠭᠦᠳᠡᠯᠯᠡᠭᠰᠡᠨ ᠵᠠᠮ ᠮᠦᠷ᠂ ᠬᠡᠵᠢᠶ᠎ᠡ᠂ ᠬᠠᠮᠢᠭ᠎ᠠ᠂ ᠶᠠᠭᠠᠬᠢᠵᠤ ᠨᠠᠰᠤ ᠨᠦᠭᠴᠢᠭᠰᠡᠨ ᠲᠤᠬᠠᠢ ᠦᠪᠡᠷᠮᠢᠴᠡ ᠰᠤᠳᠤᠯᠤᠯ ᠬᠢᠭ᠍ᠰᠡᠨ ᠪᠠᠢ᠌ᠨ᠎ᠠ᠃ |