Title |
ᠢᠨᠵᠠᠨᠨᠠᠰᠢ ᠶᠢᠨ 《 ᠴᠠᠭᠠᠨ ᠡᠬᠦᠯᠡ》᠋ ᠶᠢᠨ ᠰᠤᠶᠤᠯ ᠤᠨ ᠲᠠᠢᠯᠤᠯ |
Creator |
ᠢ • ᠬᠦᠴᠦᠨ |
Keyword |
ᠢᠨᠵᠠᠨᠨᠠᠰᠢ ;《 ᠴᠠᠭᠠᠨ ᠡᠬᠦᠯᠡ》᠋;ᠰᠤᠶᠤᠯ ᠤᠨ ᠲᠠᠢᠯᠤᠯ |
Abstract |
ᠲᠤᠰ ᠦᠭᠦᠯᠡᠯ ᠳᠤ ᠢᠨᠵᠠᠨᠨᠠᠰᠢ ᠶᠢᠨ 《ᠴᠠᠭᠠᠨ ᠡᠬᠦᠯᠡ》᠋ ᠶᠢᠨ ᠲᠤᠬᠠᠢ ᠡᠷᠳᠡᠮᠳᠡᠨ ᠮᠡᠷᠭᠡᠳ ᠤᠨ ᠦᠩᠭᠡᠷᠡᠭᠰᠡᠨ ᠤ ᠦᠵᠡᠯ ᠪᠠᠷᠢᠮᠳᠠᠯᠠᠯ ᠢ ᠲᠠᠯᠭᠡᠭᠰᠡᠨ ᠰᠠᠭᠤᠷᠢᠨ ᠲᠡᠭᠡᠷ᠎ᠠ᠂ (1)《ᠴᠠᠭᠠᠨ ᠡᠬᠦᠯᠡ》 ᠰᠢᠯᠦᠭ ᠢ ᠵᠤᠬᠢᠶᠠᠭᠴᠢ ᠦᠪᠡᠷ ᠶᠢᠡᠨ ᠭᠡᠷᠬᠢᠨ ᠦᠵᠡᠭᠰᠡᠨ᠂ ᠲᠤᠬᠠᠢ ᠶᠢᠨ ᠨᠤᠶᠠᠳ ᠶᠠᠬᠡᠰ ᠬᠡᠷᠬᠢᠨ ᠦᠨᠡᠯᠡᠭᠰᠡᠨ ᠪᠡ ᠡᠳᠡᠭᠡᠷ ᠨᠢ ᠲᠤᠮᠳᠠᠳᠤ ᠤᠯᠤᠰ ᠤᠨ ᠹᠸᠤᠳᠠᠯ ᠤᠨ ᠬᠡᠪ ᠪᠠᠷᠢᠮᠵᠢᠶ᠎ᠠ- ᠺᠦᠩᠽᠢ ᠮᠸᠩᠽᠢ ᠶᠢᠨ ᠶᠤᠰᠤ ᠯᠤᠭ᠎ᠠ ᠶᠢᠨ ᠬᠠᠷᠢᠴᠠᠭ᠎ᠠ ᠵᠠᠷᠭᠡ ᠡᠴᠨ ᠰᠢᠨᠵᠢᠪᠡ᠃(2) ᠲᠤᠰ ᠰᠢᠯᠦᠭ ᠲᠤ ᠭᠠᠷᠳᠠᠭ ᠡᠬᠦᠯᠡ᠂ ᠨᠠᠷᠠ᠂ ᠰᠠᠯᠬᠢ᠂ ᠯᠤᠤᠰ ᠮᠡᠳᠤ ᠶᠢᠨ ᠴᠢᠬᠤᠯᠠ ᠦᠭᠡᠨ ᠳᠤ ᠰᠤᠶᠤᠯ ᠤᠨ ᠲᠠᠢᠯᠤᠯ ᠬᠢᠵᠦ ᠰᠢᠯᠦᠭ ᠤᠨ ᠲᠤᠳᠤᠭᠠᠳᠤ ᠨᠢᠭᠤᠴᠠ ᠵᠢ ᠬᠠᠢᠪᠠ᠃(3)ᠢᠨᠵᠠᠨᠨᠠᠰᠢ ᠶᠢᠨ ᠴᠢᠬᠤᠯᠠ ᠵᠤᠬᠢᠶᠠᠯ ᠪᠦᠳᠤᠭᠡᠯ ᠤᠳ ᠢ ᠲᠤᠰ ᠰᠢᠯᠦᠭ ᠲᠤ ᠤᠶᠠᠯᠳᠤᠭᠤᠯᠵᠦ ᠰᠢᠬᠦᠮᠵᠢᠯᠡᠵᠡᠢ᠃(4) ᠢᠨᠵᠠᠨᠠᠨᠰᠢ ᠪᠤᠯᠤᠨ ᠲᠡᠬᠦᠨ ᠤ ᠭᠡᠷ ᠪᠦᠯᠢ ᠶᠢᠨ ᠤᠴᠠᠷᠠᠯ ᠲᠤᠬᠢᠶᠠᠯ᠂ ᠬᠤᠪᠢ ᠵᠠᠶᠠᠭᠠᠨ(ᠢᠨᠠᠭ ᠠᠮᠠᠷᠠᠭ ᠤᠨ ᠤᠴᠠᠷᠠᠯ ᠪᠠᠭᠳᠠᠨ᠎ᠠ)᠋ ᠤ ᠦᠪᠡᠷ ᠤᠨ ᠡᠷᠬᠡ ᠦᠬᠡᠢ ᠪᠠᠢᠳᠠᠯ ᠢ ᠠᠭᠤᠰᠬᠠᠨ ᠭᠠᠰᠠᠯᠠᠬᠤ ᠶᠢᠨ ᠬᠠᠮᠳᠤ᠂ ᠬᠡᠷᠪᠡ ᠬᠤᠷᠤᠮᠬᠠᠨ ᠵᠠᠭᠤᠷ᠎ᠠ ᠭᠠᠳᠠᠭᠠᠳᠤ ᠬᠦᠳᠡᠯᠭᠡᠬᠦ ᠬᠦᠴᠦᠨ ᠢ ᠤᠯᠵᠦ《 ᠯᠤᠤᠰ ᠯᠤᠭ᠎ᠠ ᠠᠭᠤᠯᠵᠠᠨ》 ᠬᠠᠭᠠᠨ ᠡᠵᠡᠨ ᠤ ᠡᠷᠬᠦᠮᠵᠢ ᠦᠷᠦᠰᠢᠶᠠᠯ ᠢ ᠤᠯᠪᠠᠰᠤ ᠤᠯᠤᠰ ᠶᠢᠡᠨ ᠵᠠᠰᠠᠵᠦ ᠲᠡᠯᠡᠭᠡᠢ ᠳ᠋ᠡᠬᠢᠨ ᠢ ᠲᠦᠪᠰᠢᠳᠭᠡᠬᠦ ᠶᠡᠭᠡ ᠦᠢᠯᠡ ᠵᠢ ᠪᠦᠳᠤᠭᠡᠵᠦ ᠴᠢᠳᠠᠬᠤ ᠦᠭᠡᠳᠡᠷᠭᠡᠭ ᠤᠷᠮᠠᠰ ᠠᠤᠭ᠎ᠠ ᠵᠤᠷᠢᠭ ᠶᠢᠡᠨ ᠢᠯᠡᠳᠭᠡᠵᠡᠢ ᠬᠡᠵᠦ ᠲᠤᠷᠠᠳᠤᠭᠰᠠᠨ ᠪᠠᠢᠨ᠎ᠠ᠃ |
Original Literature |
No Original Paper
|
出自 |
内蒙古民族大学学报(社会科学)
1998年
第2期
|