Paper Information


Title ᠮᠣᠩᠭᠣᠯ ᠤᠷᠤᠨ ᠦ ᠬᠤᠳᠤᠭᠲᠤ ᠬᠤᠪᠢᠯᠭᠠᠳ ᠤᠨ ᠲᠤᠬᠠᠢ ᠡᠷᠬᠢᠴᠡᠭᠦᠯᠦᠨ ᠦᠭᠦᠯᠡᠬᠦ ᠨᠢ
Creator ᠮ᠂ ᠰ᠂ ᠦᠯᠵᠡᠢ
Keyword ᠬᠤᠳᠤᠭᠲᠤ ᠬᠤᠪᠢᠯᠭᠤᠨ ; ᠲᠠᠯᠠᠢ ᠪᠠᠨᠴᠢᠨ  ᠦ ᠳᠤᠳᠤᠯᠠᠯᠲᠠ; ᠬᠠᠭᠠᠳ ᠨᠤᠶᠠᠳ ᠤᠨ ᠳᠤᠳᠤᠯᠠᠯᠲᠠ; ᠲᠦᠷᠦ ᠱᠠᠰᠢᠨ ᠦ ᠳᠤᠳᠤᠯᠠᠯᠲᠠ
Abstract ᠮᠣᠩᠭᠣᠯ ᠤᠷᠤᠨ ᠳᠤ ᠨᠢᠭᠡᠨ ᠦᠶ ᠡ ᠬᠤᠳᠤᠭᠲᠤ ᠬᠤᠪᠢᠯᠭᠠᠳ ᠨᠡᠢ᠌ᠭᠡᠮ ᠤᠨ ᠤᠨᠴᠠᠭᠠᠢ ᠦᠵᠡᠭᠳᠡᠯ ᠪᠤᠯᠵᠤ᠂ ᠲᠤᠰᠬᠠᠢ ᠰᠠᠭᠤᠳᠠᠯ ᠳᠤ ᠵᠠᠯᠠᠷᠠᠨ ᠰᠠᠭᠠᠳᠠᠭᠠᠳ᠂ ᠡᠷᠳᠡᠮ ᠨᠤᠮ᠂ ᠡᠷᠭᠡ ᠮᠠᠳᠠᠯ᠂ ᠡᠳᠡᠭᠡᠳ ᠨᠠᠮᠪᠠᠭ᠎ᠠ ᠪᠡᠷ ᠶᠢᠨ ᠤᠯᠠᠨ ᠲᠦᠮᠡᠨ ᠳᠤ ᠰᠢᠳᠦᠭᠳᠡᠨ ᠤᠷᠤᠢ ᠶᠢᠨ ᠴᠢᠮᠡᠭ ᠪᠤᠯᠵᠤ᠂ ᠠᠯᠠᠭ᠎ᠠ ᠬᠠᠮᠳᠤᠳᠬᠠᠭᠰᠠᠨ ᠵᠠᠯᠪᠠᠷᠢᠯ᠂ ᠠᠯᠲᠠ ᠰᠦᠭᠦᠷᠡᠭᠰᠡᠨ ᠮᠦᠷᠭᠦᠯ ᠶᠢᠨᠷ ᠨᠠᠮᠭᠴᠢᠯᠠᠨ ᠲᠤᠬᠢᠭᠳᠠᠵᠤ ᠪᠠᠢ᠌ᠭᠰᠠᠨ ᠪᠢᠯᠡ᠃ ᠲᠡᠷᠡ ᠦᠶ ᠡ ᠵᠠᠮᠬᠠᠷᠠᠵᠤ᠂ ᠳᠡᠳᠡᠨ ᠦ ᠦᠢᠯᠡᠰ ᠬᠦᠮᠦᠰ ᠤᠨ ᠬᠠᠷᠠᠭᠠᠨ ᠡᠴᠡ ᠬᠤᠯᠠᠳᠠᠵᠤ᠂ ᠬᠤᠯᠪᠤᠭᠳᠠᠯ ᠪᠦᠬᠦᠢ ᠶᠠᠩᠵᠦ ᠪᠦᠷᠢ ᠶᠢᠨ ᠦᠢᠯᠡ ᠠᠵᠢᠯᠯᠠᠭ᠎ᠠ᠂ ᠵᠦᠢ ᠲᠤᠭᠳᠠᠭᠠᠯ ᠤᠤᠨ ᠨᠢ ᠬᠤᠪᠢᠰᠤᠨ ᠦᠬᠡᠷᠡᠴᠢᠯᠡᠭᠳᠡᠵᠦ᠂ ᠡᠳᠦᠬᠡ ᠪᠤᠯᠬᠤ ᠳᠤ ᠳᠠᠨᠢᠭᠳᠠᠮ ᠠ ᠦᠭᠡᠢ ᠤᠯᠠᠷᠢᠨ ᠬᠤᠪᠢᠰᠴᠤ ᠪᠤᠢ᠃ ᠮᠣᠩᠭᠣᠯ ᠤᠨ ᠲᠡᠦᠬᠡᠨ ᠳᠤ ᠪᠠᠢ᠌ᠵᠤ ᠦᠩᠭᠡᠷᠡᠭᠰᠡᠨ ᠳᠡᠷᠡ ᠬᠦ ᠰᠤᠶᠤᠯ ᠤᠨ ᠪᠤᠳᠠᠳᠤ ᠦᠵᠡᠭᠳᠡᠯ ᠳᠤ ᠵᠤᠬᠢᠬᠤ ᠳᠠᠨᠢᠯ ᠮᠡᠳᠡᠯ᠂ ᠦᠵᠡᠯ ᠪᠤᠳᠤᠯ ᠲᠠᠢ ᠪᠤᠯᠬᠤ ᠨᠢ ᠤᠩᠰᠢᠭᠴᠢ᠂ ᠰᠤᠳᠤᠯᠤᠭᠴᠢ ᠳᠡᠳᠦᠢ ᠦᠭᠡᠢ ᠬᠤᠢ᠌ᠴᠢ ᠦᠶ ᠡ ᠶᠢᠨ ᠦᠨᠡᠯᠡᠨ ᠦᠪᠯᠡᠭᠴᠢᠳ ᠤᠨ ᠤᠢ ᠪᠢᠯᠢᠭ᠌᠂ ᠤᠶᠤᠨ ᠤᠬᠠᠭᠠᠨ ᠳᠤ ᠮᠠᠰᠢ ᠶᠡᠬᠡ ᠲᠤᠰᠠ ᠪᠤᠯᠬᠤ ᠶᠤᠮ᠃
Original Literature View Original Paper
出自 中国蒙古学 2008年 第5期

联系我们


内蒙古大学图书馆
呼和浩特市大学西路235号
中国·内蒙古
P: (0471) 4992561
E: huangfeilong@imu.edu.cn