Paper Information


Title ᠮᠣᠩᠭᠤᠯ ᠤᠨ ᠭᠦᠨ ᠤᠬᠠᠭᠠᠨ ᠤ ᠨᠡᠷ ᠡ ᠲᠣᠮᠢᠶ ᠠ 《ᠪᠢᠯᠢᠭ ᠰᠤᠷᠭᠠᠯ》 ᠤᠨ ᠲᠣᠬᠠᠢ——ᠭᠡ‍ •ᠮᠦᠩᠬᠡ ᠫᠷᠣᠹᠸᠰᠰᠤᠷ ᠪᠠ ᠲᠡᠭᠦᠨ ᠤ 《ᠪᠢᠯᠢᠭ ᠰᠤᠷᠭᠠᠯ》 ᠤᠨ ᠰᠣᠳᠣᠯᠣᠯ
Creator ᠲᠦ‍•ᠦᠯᠵᠡᠢ
Keyword
Abstract ᠲᠤᠰ ᠵᠠᠭᠤᠨ ᠤ ᠲᠠᠯᠠᠭᠠᠳ ᠣᠤ ᠡᠴᠡ ᠨᠠᠰᠢ ᠣᠳᠣ ᠪᠣᠯᠲᠠᠯ ᠠ ᠮᠣᠩᠭᠤᠯ ᠦᠨᠳᠦᠰᠦᠲᠡᠨ ᠤ ᠬᠦᠨ ᠤᠬᠠᠭᠠᠨ ᠤ ᠦᠵᠡᠯ ᠰᠨᠠᠠᠭᠠᠨ ᠤ ᠲᠡᠦᠬᠡ ᠶᠢᠨ ᠰᠣᠳᠣᠯᠣᠯ ᠮᠣᠩᠭᠤᠯ ᠦᠨᠳᠦᠰᠦᠲᠡᠨ ᠤ ᠬᠦᠨ ᠤᠬᠠᠭᠠᠨ᠂ ᠨᠡᠢᠭᠡᠮ ᠤᠨ ᠦᠵᠡᠯ ᠰᠠᠨᠠᠭᠠᠨ ᠤ ᠲᠡᠦᠬᠡᠨ ᠰᠣᠳᠣᠯᠣᠯ ᠦᠪᠦᠷ ᠮᠣᠩᠭᠯᠤ ᠬᠡᠪᠴᠢᠶᠡᠨ᠎ᠠ ᠦᠷᠭᠡᠨ ᠲᠠᠯᠠᠢᠴᠠ ᠲᠠᠢ ᠭᠦᠭᠵᠢᠵᠦ ᠢᠷᠡᠪᠡ᠃ ᠮᠣᠩᠭᠤᠯ ᠦᠨᠳᠦᠰᠦᠲᠡᠨ ᠤ ᠬᠦᠨ ᠤᠬᠠᠭᠠᠨ᠂ ᠨᠡᠢᠭᠡᠮ ᠤᠨ ᠦᠵᠡᠯ ᠰᠠᠨᠠᠭᠠᠨ ᠤ ᠲᠡᠦᠬᠡᠨ ᠰᠣᠳᠣᠯᠣᠯ ᠰᠠᠶᠢ ᠡᠬᠢᠯᠡᠵᠦ ᠪᠠᠢᠬᠤ ᠲᠤᠯᠠ᠂ ᠬᠦᠨ ᠤᠬᠠᠭᠠᠨ ᠤ ᠤᠨᠤᠯ ᠤᠨ ᠲᠤᠭᠲᠠᠯᠴᠠᠭ᠎ᠠ ᠶᠢᠨ ᠠᠭᠤᠯᠤᠭᠳᠠᠴᠠ ᠪᠠ ᠠᠭᠤᠯᠬᠤᠨ ᠤ ᠮᠠᠰᠢ ᠤᠯᠠᠨ ᠲᠠᠯ ᠠ ᠶᠢᠨ ᠡᠭᠡᠳᠡᠷᠡᠭᠡᠨ ᠮᠠᠷᠭᠤᠭᠠᠨ ᠲᠠᠢ ᠠᠰᠠᠭᠤᠳᠠᠯ ᠣᠷᠤᠰᠢᠵᠤ ᠪᠠᠢᠭᠰᠠᠨ ᠨᠢ ᠦᠨᠡᠨᠲᠡᠢ᠃ ᠡᠬᠦᠨ ᠤ ᠲᠤᠳᠤᠷ ᠠ ᠭᠡ‍ •ᠮᠦᠩᠬᠡ ᠫᠷᠣᠹᠸᠰᠰᠤᠷ ᠬᠡᠷᠡᠭ ᠪᠣᠳᠠᠰ ᠤᠨ ᠬᠦᠭᠵᠢᠯ ᠤᠨ ᠦᠨᠡᠨ ᠤ ᠲᠠᠯ ᠠ ᠵᠢ ᠴᠢᠩᠭ᠎ᠠ ᠪᠠᠷᠢᠵᠤ᠂ ᠲᠠᠯᠠᠭᠠᠳ ᠣᠨ ᠤ ᠰᠡᠭᠦᠯᠴᠢ ᠡᠴᠡ ᠶᠡᠷᠡᠭᠡᠳ ᠣᠨ ᠪ ᠡᠬᠢ ᠪᠣᠯᠲᠠᠯ ᠠ᠂ ᠡᠨᠡ ᠲᠠᠯ ᠠ ᠶᠢᠨ ᠰᠣᠳᠤᠯᠤᠯᠭᠠᠨ ᠤ ᠵᠣᠬᠢᠶᠠᠨ ᠪᠠᠢᠭᠤᠯᠤᠯᠲᠠ᠂ᠰᠢᠰᠲ᠋ᠸᠮᠲᠦ ᠣᠨᠤᠯ ᠤᠨ ᠲᠤᠭᠲᠠᠯᠴᠠᠭ᠎ᠠ᠂ᠲᠤᠭᠲᠠᠮ ᠪᠦᠲᠦᠴᠡ ᠵᠢ ᠬᠠᠮᠤᠭ ᠠᠩᠬ ᠠ ᠰᠨᠵᠢᠯᠡᠬᠦ ᠤᠬᠠᠭᠠᠨᠴᠢ ᠪᠡᠷ ᠲᠤᠷᠠᠳᠤᠨ ᠭᠠᠷᠭᠠᠭᠰᠠᠨ ᠲᠦᠯᠦᠭᠡᠯᠡᠭᠴᠢ ᠬᠦᠮᠦᠨ  ᠤᠨᠢᠭᠡ ᠨᠢ ᠪᠢᠯᠡ᠃ ᠲᠡᠭᠦᠨ ᠤ 《ᠮᠣᠩᠭᠤᠯ ᠤᠨ ᠭᠦᠨ ᠤᠬᠠᠭᠠᠨ ᠤ ᠲᠡᠦᠬᠡ ᠶᠢᠨ ᠰᠣᠳᠣᠯᠣᠯ》ᠬᠡᠮᠡᠬᠦ ᠲᠣᠮᠤᠬᠠᠨ ᠪᠦᠲᠦᠭᠡᠯ ᠨᠢ ᠮᠣᠩᠭᠤᠯ ᠦᠨᠳᠦᠰᠦᠲᠡᠨ ᠤ ᠬᠦᠨ ᠤᠬᠠᠭᠠᠨ ᠤ ᠲᠡᠦᠬᠡ ᠵᠢ ᠰᠣᠳᠤᠯᠵᠤ ᠰᠢᠨᠵᠢᠯᠡᠭᠰᠡᠨ ᠠᠷᠪᠠᠭᠠᠳ ᠵᠢᠯ  ᠤᠨ ᠬᠠᠲᠠᠭᠤ ᠰᠢᠷᠭᠠᠭᠤ ᠤᠶᠤᠨ ᠤ ᠬᠦᠳᠡᠯᠮᠦᠷᠢ ᠶᠢᠨ ᠬᠢᠨᠢ ᠤᠤᠭᠠᠨ ᠪᠦᠲᠦᠭᠡᠯ ᠨᠢ ᠪᠣᠯᠤᠨ᠎ᠠ᠃ ᠡᠭᠦᠨ ᠡᠴᠡ ᠡᠬᠢᠯᠡᠭᠡᠳ᠂ ᠲᠤᠰ ᠰᠣᠳᠤᠯᠭᠠᠨ ᠤ ᠵᠠᠭᠠᠭ ᠬᠦᠷᠢᠶ ᠡ ᠵᠢ ᠨᠠᠷᠢᠨ ᠠᠩᠬᠢᠯᠡᠠ᠂ ᠬᠦᠨ ᠤᠬᠠᠭᠠᠨ ᠤ ᠤᠨᠤᠯ ᠲᠡᠰᠢ ᠬᠠᠨᠳᠤᠭᠤᠯᠤᠨ ᠦᠭᠪᠡ᠃ ᠲᠡᠭᠦᠨ ᠤ ᠲᠤᠭᠤᠷᠪᠢᠭᠰᠠᠨ ᠭᠤᠴᠢ ᠰᠢᠬᠠᠮ ᠦᠭᠦᠯᠡᠯ ᠨᠢ ᠡᠨᠡ ᠲᠠᠯ ᠠ ᠶᠢᠨ ᠰᠣᠳᠣᠯᠣᠯ ᠤᠨ ᠣᠨᠤᠯ ᠤᠨ ᠪᠦᠲᠦᠴᠡ ᠶᠢᠨ ᠨᠠᠷᠢᠨ ᠤᠷᠤᠯᠳᠤᠯᠭ᠎ᠠ ᠪᠣᠯᠵᠤ《ᠪᠢᠯᠢᠭ ᠰᠤᠷᠭᠠᠯ ——ᠮᠣᠽᠨᠭᠤᠯ ᠦᠨᠳᠦᠰᠦᠲᠡᠨ ᠤ ᠭᠦᠨ ᠤᠬᠠᠭᠠᠨ ᠤ ᠣᠬᠢ ᠴᠢᠮᠡᠭᡁ》ᠭᠡᠰᠡᠨ ᠦᠭᠦᠯᠡᠯ ᠨᠢ ᠲᠤᠰ ᠰᠣᠳᠤᠯᠤᠯᠭᠠᠨ ᠤ ᠡᠬᠢᠨ ᠤ ᠱᠠᠲᠤᠨ ᠳᠡᠬᠢ ᠤᠨᠤᠯ ᠤᠨ ᠲᠠᠯ ᠠ ᠶᠢᠨ ᠤᠳᠤᠷᠢᠳᠤᠮᠵᠢ ᠶᠢᠨ ᠴᠢᠨᠠᠷ ᠲᠠᠢ ᠦᠭᠦᠯᠡᠯ ᠪᠣᠯᠵᠤ᠂ ᠮᠣᠩᠭᠤᠯ ᠦᠨᠳᠦᠰᠦᠲᠡᠨ ᠤ ᠭᠦᠨ ᠤᠬᠠᠭᠠᠨ ᠤ ᠨᠡᠷ ᠡ ᠲᠣᠮᠢᠶ ᠠ《ᠪᠢᠯᠢᠭ ᠰᠤᠷᠭᠠᠯ》 ᠤᠨ ᠨᠠᠷᠢᠨ ᠶᠣᠰᠤ ᠵᠢ ᠂ ᠮᠣᠩᠭᠤᠯ ᠤᠨ ᠤᠤᠭᠠᠨ ᠰᠣᠶᠣᠯ ᠰᠣᠳᠬᠢᠬᠦᠢ ᠶᠢᠨ ᠡᠭᠦᠳᠡᠨ ᠡᠴᠡ ᠨᠢᠭᠲᠠᠯᠠᠨ ᠲᠤᠭᠲᠠᠭᠠᠵᠤ᠂ ᠠᠯᠢ ᠤᠯᠠᠨ ᠮᠠᠳᠠᠭ ᠲᠠᠢ ᠠᠰᠠᠭᠤᠳᠠᠯ ᠳ᠋ᠤ ᠠᠷᠭ᠎ᠠ ᠵᠦᠢ ᠶᠢᠨ ᠤᠨᠤᠯ ᠤᠨ ᠬᠡᠯᠬᠢᠶᠡᠰᠦ ᠵᠢ ᠨᠤᠲᠠᠯᠠᠨ ᠲᠤᠭᠲᠠᠭᠠᠬᠤ ᠳ᠋ᠤ ᠦᠨ ᠡ ᠪᠡᠨ᠎ᠠ ᠲᠠᠢ ᠦᠵᠡᠯᠲᠡ ᠪᠠᠨ ᠡᠷᠭᠦᠭᠰᠡᠭᠡᠷ ᠪᠣᠢ᠃ ᠎
Original Literature No Original Paper
出自 内蒙古师范大学学报 1996年 第1期

联系我们


内蒙古大学图书馆
呼和浩特市大学西路235号
中国·内蒙古
P: (0471) 4992561
E: huangfeilong@imu.edu.cn