Paper Information


Title ᠮᠣᠩᠭᠤᠯ ᠵᠦᠴᠦᠭᠡ ᠶᠢᠨ ᠠᠶᠠᠯᠭᠤ ᠬᠦᠭᠵᠢᠮ ᠦᠨ ᠵᠤᠬᠢᠶᠠᠨ ᠪᠦᠲᠦᠭᠡᠯᠲᠡ ᠶᠢᠨ ᠲᠤᠬᠠᠢ ᠦᠵᠡᠯᠲᠡ ᠨᠦᠬᠦᠳ
Creator ᠤᠯᠠᠭᠠᠨ
Keyword ᠮᠣᠩᠭᠤᠯ ᠵᠦᠴᠦᠭᠡ; ᠠᠶᠠᠯᠭᠤ ᠬᠦᠭᠵᠢᠮ; ᠵᠤᠬᠢᠶᠠᠨ ᠪᠦᠲᠦᠭᠡᠯᠲᠡ
Abstract ᠮᠣᠩᠭᠤᠯ ᠵᠦᠴᠦᠭᠡ ᠶᠢᠨ ᠡᠭᠦᠳᠦᠨ ᠪᠦᠲᠦᠭᠡᠯᠲᠡ ᠳᠦ ᠠᠶᠠᠯᠭᠤ ᠬᠦᠭᠵᠢᠮ ᠦᠨ ᠵᠤᠬᠢᠶᠠᠨ ᠪᠦᠲᠦᠭᠡᠯᠲᠡ ᠨᠢ ᠴᠢᠬᠤᠯᠠ ᠬᠡᠰᠡᠭ ᠪᠤᠯᠳᠠᠭ᠃ ᠲᠡᠷᠡ ᠨᠢ ᠠᠶ᠎ᠠ ᠳᠠᠭᠤᠤ ᠠᠶᠠᠯᠭᠤ ᠬᠦᠭᠵᠢᠮ ᠢᠶᠡᠷ ᠵᠦᠴᠦᠭᠡ ᠶᠢᠨ ᠳᠦᠷᠢ ᠶᠢ ᠪᠦᠲᠦᠭᠡᠳᠡᠭ᠃ ᠵᠦᠴᠦᠭᠡ ᠶᠢᠨ ᠦᠵᠡᠭᠴᠢᠳ ᠵᠦᠪᠬᠡᠨ ᠵᠦᠴᠦᠭᠡ ᠶᠢᠨ ᠠᠭᠤᠯᠭ᠎ᠠ ᠶᠢ ᠰᠤᠨᠢᠷᠬᠠᠬᠤ ᠲᠡᠳᠦᠢ ᠪᠢᠰᠢ᠂ ᠠᠶ᠎ᠠ ᠳᠠᠭᠤᠤ ᠠᠶᠠᠯᠭᠤ ᠬᠦᠭᠵᠢᠮ ᠨᠢ ᠮᠦᠨ ᠰᠤᠨᠢᠷᠬᠠᠯ ᠤᠨ ᠭᠤᠤᠯ ᠴᠤᠭᠴᠠ ᠪᠤᠯᠵᠤ ᠪᠠᠢᠳᠠᠭ᠃ ᠢᠩᠭᠢᠬᠦ ᠪᠡᠷ ᠳᠠᠭᠤᠯᠠᠯᠲᠤ ᠵᠦᠴᠦᠭᠡ ᠶᠢᠨ ᠳᠠᠢᠰᠠᠨ ᠤ ᠤᠷᠠᠯᠢᠭ ᠲᠤ ᠠᠶ᠎ᠠ ᠳᠠᠭᠤᠤ᠂ ᠠᠶᠠᠯᠭᠤ ᠬᠦᠭᠵᠢᠮ ᠦᠨ ᠤᠶᠠᠩᠭᠠᠯᠢᠭ ᠰᠠᠢᠬᠠᠨ ᠡᠰᠡᠭᠦ ᠨᠢ ᠵᠦᠴᠦᠭᠡ ᠲᠤᠭᠯᠠᠯᠲᠠ ᠶᠢᠨ ᠠᠮᠵᠢᠯᠲᠠ ᠣᠯᠬᠤ ᠡᠰᠡᠭᠦ ᠶᠢ ᠨᠦᠯᠦᠭᠡᠯᠡᠬᠦ ᠴᠢᠬᠤᠯᠠ ᠡᠯᠧᠮᠧᠨ᠋ᠲ ᠪᠤᠯᠤᠨ᠎ᠠ᠃ ᠮᠣᠩᠭᠤᠯ ᠵᠦᠴᠦᠭᠡ ᠶᠢᠨ ᠵᠤᠬᠢᠶᠠᠯᠴᠢ᠂ ᠰᠢᠭᠦᠮᠵᠢᠯᠡᠭᠴᠢ ᠡᠴᠡ ᠠᠶᠠᠯᠭᠤ ᠬᠦᠭᠵᠢᠮ ᠦᠨ ᠡᠭᠦᠳᠦᠨ ᠪᠦᠲᠦᠭᠡᠯᠲᠡ ᠶᠢᠨ ᠲᠤᠬᠠᠢ ᠨᠡᠢᠳᠡᠮ ᠳᠡᠭᠡᠨ ᠠᠩᠬᠠᠷᠤᠨ᠂ ᠣᠯᠠᠨ ᠲᠠᠯ ᠠ ᠶᠢᠨ ᠦᠵᠡᠯᠲᠡ ᠰᠠᠨᠠᠭᠤᠯᠭ᠎ᠠ᠂ ᠪᠤᠳᠠᠲᠠᠢ ᠠᠵᠢᠯᠯᠠᠭᠠᠨ ᠤ ᠵᠠᠷᠴᠢᠮ ᠢ ᠳᠤᠷᠠᠳᠤᠭᠰᠠᠨ ᠪᠦᠭᠡᠳ ᠠᠵᠢᠯ ᠤᠨ ᠳᠤᠮᠳᠠ ᠲᠤᠤᠱᠯᠠᠭᠤᠯᠤᠭᠰᠠᠭᠠᠷ ᠢᠷᠡᠪᠡ᠃ ᠡᠨᠡ ᠬᠦ ᠦᠵᠡᠯᠲᠡ ᠲᠠᠨᠢᠯᠲᠠ ᠶᠢᠨ ᠳᠤᠲᠤᠭᠠᠳᠤ ᠵᠢᠮ᠎ᠡ ᠶᠤᠰᠤ ᠪᠦᠬᠦᠢ ᠵᠦᠢᠯᠡᠰ ᠢ ᠰᠦᠪᠡᠭᠴᠢᠯᠡᠨ ᠭᠠᠷᠭᠠᠬᠤ ᠨᠢ ᠮᠣᠩᠭᠤᠯ ᠵᠦᠴᠦᠭᠡ ᠶᠢᠨ ᠲᠡᠭᠦᠯᠳᠡᠷᠵᠢᠯ ᠬᠦᠭᠵᠢᠯ ᠳᠦ ᠠᠭᠢᠭᠤᠯᠬᠤ ᠬᠦᠴᠦᠨ ᠪᠤᠯᠬᠤ ᠨᠢ ᠯᠠᠪᠲᠠᠢ ᠶᠤᠮ᠃
Original Literature View Original Paper
出自 中国蒙古学 2015年 第1期

联系我们


内蒙古大学图书馆
呼和浩特市大学西路235号
中国·内蒙古
P: (0471) 4992561
E: huangfeilong@imu.edu.cn