Title |
《ᠮᠤᠩᠭ᠋ᠤᠯ ᠤᠨ ᠨᠢᠭᠤᠴᠠ ᠲᠤᠪᠴᠢᠶᠠᠨ》ᠬᠢᠭᠡᠳ ᠠᠷᠢᠶᠠᠨ ᠰᠤᠶᠤᠯ ᠤᠨ ᠬᠠᠷᠢᠴᠠᠭ᠎ᠠ |
Creator |
ᠱᠤᠩᠬᠤᠷ |
Keyword |
《ᠮᠤᠩᠭ᠋ᠤᠯ ᠤᠨ ᠨᠢᠭᠤᠴᠠ ᠲᠤᠪᠴᠢᠶᠠᠨ》; 《ᠬᠤᠮᠸᠷ ᠤᠨ ᠲᠤᠤᠯᠢ》; ᠠᠷᠢᠶᠠᠨ ᠰᠤᠶᠤᠯ; ᠲᠡᠮᠦᠷᠴᠢᠨ; ᠰᠠᠨᠰᠺᠷᠢᠲ᠋ ᠬᠡᠯᠡ |
Abstract |
ᠦᠭᠦᠯᠡᠯ ᠳᠤ《ᠮᠤᠩᠭ᠋ᠤᠯ ᠤᠨ ᠨᠢᠭᠤᠴᠠ ᠲᠤᠪᠴᠢᠶᠠᠨ》ᠳ᠋ᠡᠬᠢ ᠵᠠᠷᠢᠮ ᠲᠡᠮᠳᠡᠭᠯᠡᠯ ᠢ ᠠᠷᠢᠶᠠᠨ ᠰᠤᠶᠤᠯ ᠯᠤᠭ᠎ᠠ ᠬᠠᠷᠢᠴᠠᠭᠤᠯᠤᠨ ᠰᠤᠳᠤᠯᠵᠤ᠂《ᠮᠤᠩᠭ᠋ᠤᠯ ᠤᠨ ᠨᠢᠭᠤᠴᠠ ᠲᠤᠪᠴᠢᠶᠠᠨ》ᠨᠢ ᠡᠨᠡᠳᠭᠡᠭ᠌ ᠬᠡᠯᠡ ᠰᠤᠶᠤᠯ ᠤᠨ ᠨᠦᠯᠦᠭᠡ ᠶᠢ ᠬᠦᠷᠳᠡᠭᠰᠡᠨ ᠲᠡᠳᠦᠢ ᠦᠭᠡᠢ᠂ ᠪᠠᠰᠠ ᠭᠷᠸᠭ᠌ ᠤᠨ ᠰᠤᠶᠤᠯ ᠤᠷᠠᠯᠢᠭ ᠲᠤ ᠴᠤ ᠨᠦᠯᠦᠭᠡᠯᠡᠭᠳᠡᠭᠰᠡᠨ᠃ ᠡᠭᠦᠨ ᠳᠤ ᠱᠢᠭᠡᠮᠦᠨᠢ ᠪᠤᠷᠬᠠᠨ ᠪᠠ ᠪᠤᠭᠳᠠ ᠴᠢᠩᠭᠢᠰ ᠬᠠᠭᠠᠨ ᠮᠡᠨᠳᠦᠯᠡᠬᠦ ᠲᠤᠬᠠᠢ ᠳᠤ ᠲᠡᠮᠦᠷᠵᠢᠨ ᠲᠠᠢ ᠬᠤᠯᠪᠤᠭᠳᠠᠭᠰᠠᠨ ᠢᠵᠢᠯ ᠰᠤᠶᠤᠯ ᠤᠨ ᠮᠤᠲ᠋ᠢᠹ ᠬᠢᠭᠡᠳ《ᠮᠤᠩᠭ᠋ᠤᠯ ᠤᠨ ᠨᠢᠭᠤᠴᠠ ᠲᠤᠪᠴᠢᠶᠠᠨ》 ᠳ᠋ᠡᠬᠢ ᠲᠠᠶᠠᠩ ᠬᠠᠨ ᠪᠠ ᠵᠠᠮᠤᠬ᠎ᠠ ᠶᠢᠨ ᠶᠠᠷᠢᠯᠴᠠᠭ᠎ᠠ ᠶᠢ《ᠬᠤᠮᠸᠷ ᠤᠨ ᠲᠤᠤᠯᠢ》ᠳ᠋ᠡᠬᠢ ᠫᠷᠶᠠᠮᠤᠰ ᠬᠠᠭᠠᠨ ᠪᠠ ᠾᠸᠯᠸᠨ ᠤ ᠶᠠᠷᠢᠯᠴᠠᠭ᠎ᠠ ᠯᠤᠭ᠎ᠠ ᠬᠠᠷᠢᠴᠠᠭᠤᠯᠵᠤ᠂ ᠲᠤᠬᠠᠢ ᠶᠢᠨ ᠦᠶ᠎ᠡ ᠶᠢᠨ ᠮᠤᠨᠭ᠋ᠤᠯ ᠰᠤᠶᠤᠯ ᠤᠨ ᠲᠦᠯᠦᠪᠰᠢᠷᠡᠯ ᠨᠢ ᠠᠷᠢᠶᠠᠨ ᠰᠤᠶᠤᠯ ᠲᠠᠢ ᠶᠡᠬᠡᠬᠡᠨ ᠬᠤᠯᠪᠤᠭᠳᠠᠬᠤ ᠪᠤᠯᠤᠨ᠎ᠠ; 《ᠮᠤᠩᠭ᠋ᠤᠯ ᠤᠨ ᠨᠢᠭᠤᠴᠠ ᠲᠤᠪᠴᠢᠶᠠᠨ》ᠬᠠᠭᠤᠳᠠᠰᠤ ᠨᠡᠭᠡᠭᠡᠮᠡᠭᠴᠡ ᠪᠦᠷᠳᠡ ᠴᠢᠨᠤ᠎ᠠ᠂ ᠬᠤᠸᠠ ᠮᠠᠷᠠᠯ ᠢ《ᠲᠠᠩᠭᠢᠰ ᠭᠡᠳᠦᠯᠵᠦ ᠢᠷᠡᠪᠡ》ᠭᠡᠵᠦ ᠲᠡᠮᠳᠡᠭᠯᠡᠭᠰᠡᠨ ᠨᠢ ᠮᠤᠩᠭ᠋ᠤᠯ ᠰᠤᠶᠤᠯ ᠤᠤᠯ ᠨᠢ ᠲᠠᠯᠠᠢ ᠪᠡᠷ ᠠᠶᠠᠯᠠᠭᠴᠢ ᠦᠨᠳᠦᠰᠦᠳᠡᠨ ᠤ ᠰᠤᠶᠤᠯ ᠲᠠᠢ ᠵᠤᠬᠢᠬᠤ ᠬᠤᠯᠪᠤᠭᠠᠳᠠᠢ ᠪᠠᠢ᠌ᠭᠰᠠᠨ ᠢ ᠲᠤᠬᠢᠵᠤ ᠪᠠᠢ᠌ᠨ᠎ᠠ ᠭᠡᠵᠦ ᠦᠵᠡᠵᠡᠢ᠃ |
Original Literature |
No Original Paper
|
出自 |
内蒙古社会科学(蒙文版)
2001年
第4期
|