Paper Information


Title ᠮᠣᠩᠭᠤᠯ ᠲᠡᠦᠬᠡ ᠪᠢᠴᠢᠯᠭᠡ ᠳᠦ ᠳᠦᠷᠰᠦᠯᠡᠭᠳᠡᠭᠰᠡᠨ ᠲᠡᠮᠦᠵᠢᠨ ᠬᠠᠰᠠᠷ ᠤᠨ ᠬᠤᠭᠤᠷᠤᠨᠳᠤ ᠬᠢ ᠵᠦᠷᠢᠴᠡᠯ ᠦᠨ ᠰᠢᠯᠲᠠᠭᠠᠨ ᠤ ᠲᠤᠬᠠᠢ — ᠲᠡᠦᠬᠡ ᠪᠢᠴᠢᠯᠭᠡ ᠳᠦ ᠳᠦᠷᠰᠦᠯᠡᠭᠳᠡᠭᠰᠡᠨ ᠳᠦᠷᠰᠦᠯᠡᠯ ᠦᠨ ᠰᠠᠭᠤᠷᠢᠨ ᠳᠡᠭᠡᠷ᠎ᠡ
Creator ᠴᠤᠯᠮᠤᠨᠭᠡᠷᠡᠯ
Keyword ᠲᠡᠦᠬᠡ ᠪᠢᠴᠢᠯᠭᠡ; ᠲᠡᠮᠦᠵᠢᠨ; ᠬᠠᠰᠠᠷ; ᠵᠦᠷᠢᠴᠡᠯ ᠦᠨ ᠬᠠᠷᠢᠴᠠᠭ᠎ᠠ
Abstract 13 ᠳᠤᠭᠠᠷ ᠵᠠᠭᠤᠨ ᠤ 《ᠮᠣᠩᠭᠤᠯ ᠤᠨ ᠨᠢᠭᠤᠴᠠ ᠲᠤᠪᠴᠢᠶᠠᠨ》 ᠠᠴᠠ ᠨᠠᠭᠠᠰᠢ ᠲᠡᠮᠦᠵᠢᠨ ᠬᠢᠭᠡᠳ ᠬᠠᠰᠠᠷ ᠤᠨ ᠵᠦᠷᠢᠴᠡᠯ ᠦᠨ ᠲᠤᠬᠠᠢ ᠳᠦᠷᠰᠦᠯᠡᠯ ᠨᠡᠯᠢᠶᠡᠳ ᠣᠯᠠᠨ ᠲᠡᠦᠬᠡ ᠪᠢᠴᠢᠯᠭᠡ ᠳᠦ ᠲᠡᠮᠳᠡᠭᠯᠡᠭᠳᠡᠨ ᠬᠤᠴᠤᠷᠤᠭᠰᠠᠨ ᠪᠠᠢᠳᠠᠭ᠃ ᠲᠡᠳᠡᠭᠡᠷ ᠲᠡᠦᠬᠡ ᠪᠢᠴᠢᠯᠭᠡ ᠨᠢ 《ᠮᠣᠩᠭᠤᠯ ᠤᠨ ᠨᠢᠭᠤᠴᠠ ᠲᠤᠪᠴᠢᠶᠠᠨ》 ᠠᠴᠠ ᠡᠬᠢ ᠠᠪᠴᠤ ᠲᠡᠦᠬᠡ ᠪᠢᠴᠢᠯᠭᠡ ᠶᠢᠨ ᠵᠤᠷᠰᠢᠯ ᠢ ᠳᠡᠭᠡᠳᠦ ᠬᠡᠮᠵᠢᠶ᠎ᠡ ᠪᠡᠷ ᠳᠠᠭᠤᠷᠢᠶᠠᠵᠤ ᠵᠠᠷᠢᠮ ᠠᠭᠤᠯᠭ᠎ᠠ ᠶᠢ ᠨᠢ ᠲᠡᠷᠡ ᠶᠤᠰᠤ ᠪᠠᠷ ᠨᠢ ᠪᠠᠭᠤᠯᠭᠠᠨ ᠬᠡᠷᠡᠭᠯᠡᠭᠰᠡᠨ ᠪᠤᠶᠤ ᠳᠡᠭᠡᠳᠦ ᠬᠡᠮᠵᠢᠶ᠎ᠡ ᠪᠡᠷ ᠳᠠᠭᠤᠷᠢᠶᠠᠵᠤ ᠵᠠᠷᠢᠮ ᠠᠭᠤᠯᠭ᠎ᠠ ᠶᠢ ᠨᠢ ᠲᠡᠷᠡ ᠶᠤᠰᠤ ᠪᠠᠷ ᠨᠢ ᠪᠠᠭᠤᠯᠭᠠᠨ ᠬᠡᠷᠡᠭᠯᠡᠭᠰᠡᠨ ᠪᠤᠶᠤ ᠲᠡᠭᠦᠨ ᠳᠡᠬᠢ ᠲᠡᠦᠬᠡᠲᠦ ᠬᠡᠷᠡᠭ ᠤᠴᠢᠷ ᠤᠨ ᠲᠤᠬᠠᠢ ᠦᠷᠭᠦᠯᠵᠢᠯᠡᠨ ᠬᠦᠦᠷᠨᠢᠨ ᠲᠤᠭᠠᠴᠢᠵᠤ ᠪᠠᠢᠵᠠᠢ᠃ ᠲᠡᠳᠡ 《ᠮᠣᠩᠭᠤᠯ ᠤᠨ ᠨᠢᠭᠤᠴᠠ ᠲᠤᠪᠴᠢᠶᠠᠨ》 ᠳᠤ ᠳᠦᠷᠰᠦᠯᠡᠭᠳᠡᠭᠰᠡᠨ ᠲᠡᠮᠦᠵᠢᠨ᠂ ᠬᠠᠰᠠᠷ ᠤᠨ ᠵᠦᠷᠢᠴᠡᠯ ᠦᠨ ᠳᠦᠷᠰᠦᠯᠡᠯ ᠢ ᠲᠡᠳᠡᠭᠡᠷ ᠲᠡᠦᠬᠡ ᠪᠢᠴᠢᠯᠭᠡ ᠳᠦ ᠴᠠᠭ ᠦᠶ᠎ᠡ᠂ ᠨᠡᠢᠭᠡᠮ ᠲᠡᠦᠬᠡ ᠶᠢᠨ ᠠᠯᠢ ᠣᠯᠠᠨ ᠰᠢᠯᠲᠠᠭᠠᠨ ᠢᠶᠠᠷ ᠬᠦᠭᠵᠢᠯᠲᠡ ᠬᠤᠪᠢᠷᠠᠯᠲᠠ ᠲᠠᠢ ᠪᠠᠷ ᠲᠡᠮᠳᠡᠭᠯᠡᠵᠦ ᠴᠠᠭᠠᠰᠢᠯᠠᠨ ᠠᠷᠠᠳ ᠤᠨ ᠠᠮᠠᠨ ᠦᠯᠢᠭᠡᠷ ᠲᠦ ᠤᠯᠠᠮᠵᠢᠯᠠᠭᠳᠠᠵᠤ ᠪᠠᠢᠭᠰᠠᠨ ᠢ ᠠᠮᠢᠳᠤᠯᠢᠭ ᠢᠶᠠᠷ ᠠᠰᠢᠭᠯᠠᠨ ᠲᠡᠦᠬᠡ ᠪᠢᠴᠢᠯᠭᠡ ᠳᠦ ᠪᠢᠴᠢᠨ᠂ ᠰᠢᠨ᠎ᠡ ᠲᠡᠦᠬᠡᠨ ᠳᠤᠮᠤᠭ ᠦᠯᠢᠭᠡᠷ ᠢ ᠴᠦ ᠨᠠᠢᠷᠠᠭᠤᠯᠤᠨ ᠤᠷᠤᠭᠤᠯᠵᠤ ᠪᠢᠴᠢᠵᠦ ᠪᠠᠢᠵᠠᠢ᠃
Original Literature View Original Paper
出自 中国蒙古学 2016年 第3期

联系我们


内蒙古大学图书馆
呼和浩特市大学西路235号
中国·内蒙古
P: (0471) 4992561
E: huangfeilong@imu.edu.cn