| Abstract |
ᠰᠢᠨᠵᠢᠶᠠᠩ ᠤᠨ ᠢᠯᠢ ᠶᠢᠨ ᠬᠠᠰᠠᠭ ᠦᠪᠡᠷᠲᠡᠭᠡᠨ ᠵᠠᠰᠠᠬᠤ ᠵᠸᠦ ᠶᠢᠨ ᠲᠡᠭᠡᠰ ᠰᠢᠶᠠᠨ ᠪᠤᠯᠤᠨ ᠲᠤᠭᠤᠰᠳᠠᠷᠢᠶ ᠠ ᠰᠢᠶᠠᠨ ᠳ᠋ᠦ ᠰᠠᠭᠤᠷᠢᠰᠢᠨ ᠰᠠᠭᠤᠵᠤ ᠪᠠᠢᠭ᠎ᠠ 6000 ᠰᠢᠬᠠᠮ ᠮᠣᠩᠭᠤᠯᠴᠤᠳ ᠢ ᠲᠡᠦᠬᠡᠨ ᠳ᠋ᠤ ᠬᠤᠲᠤᠭᠲᠤ ᠶᠢᠨ ᠱᠠᠪᠢᠨᠠᠷ᠂ ᠲᠡᠭᠡᠰ ᠤᠨ 4 ᠰᠣᠮᠤᠨ ᠱᠠᠪᠢᠨᠠᠷ ᠭᠡᠵᠦ ᠨᠡᠷᠡᠯᠭᠰᠡᠭᠡᠷ ᠢᠷᠡᠵᠡᠢ᠃ ᠬᠤᠲᠤᠭᠲᠤ ᠭᠡᠳᠡᠭ ᠨᠢ 17ᠳ᠋ᠤᠭᠠᠷ ᠵᠠᠭᠤᠨ ᠤ ᠤᠢᠷᠠᠳ ᠤᠨ ᠲᠡᠦᠭᠡᠨ ᠳ᠋ᠡᠬᠢ ᠽᠠᠶ ᠠ ᠪᠠᠨᠳᠢᠳᠠ(1599-1662) ᠪᠤᠯᠤᠨ᠎ᠠ᠃ ᠲᠡᠢᠮᠦ ᠡᠴᠡ ᠽᠠᠶ ᠠ ᠪᠠᠨᠳᠢᠳᠠ ᠶᠢᠨ ᠱᠠᠪᠢᠨᠠᠷ ᠴᠦ ᠭᠡᠳᠡᠭ᠃ ᠡᠨᠡ ᠬᠦ ᠱᠠᠪᠢᠨᠠᠷ ᠨᠤᠲᠤᠭ ᠤᠨ ᠪᠤᠢ ᠪᠤᠯᠤᠭᠰᠠᠨ ᠨᠢ 17ᠳ᠋ᠤᠭᠠᠷ ᠵᠠᠭᠤᠨ ᠤ ᠲᠦᠴᠢᠭᠡᠳ ᠣᠨ ᠳ᠋ᠤ ᠪᠠᠢᠭᠤᠯᠤᠭᠳᠠᠭᠰᠠᠨ 《 ᠤᠢᠷᠠᠳ ᠤᠨ ᠬᠦᠷᠢᠶ ᠡ》 ᠳ᠋ᠤ ᠡᠷᠭᠦᠭᠰᠡᠨ ᠱᠠᠪᠢ ᠠᠯᠪᠠᠲᠤ ᠯᠤᠭ᠎ᠠ ᠬᠣᠯᠪᠤᠭᠳᠠᠨ᠎ᠠ᠃ |