| Abstract |
ᠬᠡᠮ ᠵᠤᠬᠢᠴᠠᠭᠤᠯᠬᠤ ᠠᠷᠭ᠎ᠠ ᠪᠡᠷ ᠪᠦᠲᠦᠭᠰᠡᠨ ᠬᠣᠷᠰᠢᠶ ᠡ ᠦᠭᠡ ᠨᠢ ᠬᠦᠮᠦᠰ ᠤᠨ ᠲᠠᠨᠢᠨ ᠮᠡᠳᠡᠬᠦᠢ ᠶᠢᠨ ᠠᠵᠢᠯᠯᠠᠭ᠎ᠠ ᠪᠡᠷ ᠪᠦᠲᠦᠭᠰᠡᠨ ᠤᠶᠤᠨ ᠤᠬᠠᠭᠠᠨ ᠤ ᠪᠦᠲᠦᠭᠡᠭᠳᠡᠬᠦᠨ ᠮᠦᠨ᠃《 ᠣᠳᠤ ᠦᠶ ᠡ ᠶᠢᠨ ᠮᠣᠩᠭᠤᠯ ᠬᠡᠯᠡᠨ ᠤ ᠬᠡᠪᠰᠢᠮᠡᠯ ᠬᠡᠯᠬᠢᠴᠡ ᠶᠢᠨ ᠬᠡᠯᠡᠨ ᠤ ᠵᠦᠢ ᠶᠢᠨ ᠰᠤᠷᠠᠭ ᠵᠠᠩᠭᠢ ᠶᠢᠨ ᠲᠤᠯᠢ ᠶᠢᠨ ᠲᠠᠢᠯᠪᠤᠷᠢ》 ᠪᠠ 《 ᠮᠣᠩᠭᠤᠯ ᠬᠡᠯᠡᠨ ᠤ ᠬᠣᠷᠰᠢᠶ ᠠ ᠦᠭᠡ ᠶᠢᠨ ᠬᠦᠮᠦᠷᠭᠡ》 ᠡᠴᠡ ᠮᠣᠩᠭᠤᠯ ᠬᠡᠯᠡᠨ ᠤ ᠬᠡᠮ ᠵᠤᠬᠢᠴᠠᠭᠤᠯᠬᠤ ᠠᠷᠭ᠎ᠠ ᠪᠡᠷ ᠪᠦᠲᠦᠭᠰᠡᠨ ᠬᠣᠷᠰᠢᠶ ᠠ ᠦᠭᠡ ᠵᠢ ᠪᠦᠷᠢᠳᠭᠡᠵᠦ᠂ ᠪᠦᠷᠢᠯᠳᠦᠬᠦᠨ ᠦᠭᠡ ᠪᠤᠯᠤᠨ ᠬᠣᠷᠰᠢᠶ ᠠ ᠦᠭᠡ ᠨᠣᠭᠦᠳ ᠤᠨ ᠬᠠᠷᠢᠴᠠᠭ᠎ᠠ ᠵᠡᠷᠭᠡ ᠵᠣᠭᠰᠤᠴᠠ ᠡᠴᠡ ᠲᠡᠬᠦᠨ ᠤ ᠤᠳᠬ ᠠ ᠳ᠋ᠤ ᠵᠠᠳᠠᠯᠤᠯᠲᠠ ᠬᠢᠵᠦ᠂ ᠬᠡᠮᠵᠤᠬᠢᠴᠠᠭᠤᠯᠬᠤ ᠠᠷᠭ᠎ᠠ ᠪᠡᠷ ᠪᠦᠲᠦᠭᠰᠡᠨ ᠬᠣᠷᠰᠢᠶ ᠠ ᠦᠭᠡ ᠶᠢᠨ ᠢᠯᠡᠳᠭᠡᠬᠦ ᠤᠳᠬ ᠠ ᠪᠠ ᠤᠳᠬ ᠠ ᠶᠢᠨ ᠬᠠᠷᠢᠴᠠᠭ᠎ᠠ ᠵᠢ ᠲᠤᠳᠤᠯᠠᠪᠠ᠂ |