Title |
ᠮᠣᠩᠭᠤᠯᠴᠤᠳ ᠤᠨ ᠤᠯᠠᠮᠵᠢᠯᠠᠯᠲᠤ ᠬᠦᠳᠡᠯᠮᠦᠷᠢ ᠶᠢᠨ ᠬᠦᠮᠦᠵᠢᠯ ᠤᠨ ᠣᠨᠴᠠᠯᠢᠭ ᠰᠢᠨᠵᠢ ᠬᠢᠭᠡᠳ ᠦᠨ᠎ᠠ ᠦᠷᠲᠡᠭ |
Creator |
ᠲᠤᠭᠤᠰ︔ᠠᠮᠤᠭᠤᠯᠠᠩ |
Keyword |
ᠮᠣᠩᠭᠤᠯᠴᠤᠳ︔ ᠤᠯᠠᠮᠵᠢᠯᠯᠲᠤ ᠬᠦᠳᠡᠯᠮᠦᠷᠢ ᠶᠢᠨ ᠬᠦᠮᠦᠵᠢᠯ︔ ᠣᠨᠴᠠᠯᠢᠭ ᠰᠢᠨᠵᠢ︔ ᠦᠨ᠎ᠠ ᠦᠷᠲᠡᠭ |
Abstract |
ᠮᠣᠩᠭᠤᠯᠴᠤᠳ ᠡᠷᠲᠡᠨ ᠡᠴᠡ ᠪᠠᠨ ᠠᠪᠤᠭᠠᠳ ᠠᠮᠢᠳᠤᠷᠠᠯ ᠦᠢᠯᠡᠳᠦᠯᠭᠡ ᠶᠢᠨ ᠶᠤᠪᠤᠴᠠ ᠳ᠋ᠤ ᠬᠤᠢᠴᠢ ᠦᠶ ᠡ ᠶᠢᠨ ᠬᠢᠨ ᠢᠢᠡᠨ ᠠᠳᠠᠯ ᠠᠮᠢᠳᠤᠷᠠᠯ ᠳ᠋ᠤ ᠪᠡᠯᠳᠭᠡᠬᠦ ᠲᠠᠢ ᠬᠣᠯᠪᠤᠭᠳᠠᠬᠤ ᠬᠦᠳᠡᠯᠮᠦᠷᠢ ᠶᠢᠨ ᠬᠦᠮᠦᠵᠢᠯ ᠤᠨ ᠪᠠᠶᠠᠯᠭ ᠰᠠᠢᠬᠠᠨ ᠦᠨ᠎ᠠ ᠦᠷᠲᠡᠭ ᠲᠠᠢ ᠦᠪ ᠤᠯᠠᠮᠵᠢᠯᠠᠯ ᠢ ᠪᠤᠢ ᠪᠠᠯᠭᠠᠭᠰᠠᠨ ᠪᠦᠭᠡᠳ ᠤᠯᠠᠮᠵᠢᠯᠠᠨ ᠬᠡᠷᠭᠡᠯᠡᠭᠰᠡᠭᠡᠷ ᠪᠠᠢᠵᠤ᠂ ᠮᠦᠨ ᠴᠦ ᠳᠤᠮᠳᠠᠳᠤ ᠶᠢᠨ ᠰᠢᠯᠢᠳᠡᠭ ᠤᠯᠠᠮᠵᠢᠯᠯᠲᠤ ᠰᠣᠶᠤᠯ ᠤᠨ ᠴᠢᠬᠤᠯᠠ ᠪᠦᠷᠢᠯᠳᠦᠬᠦᠨ ᠪᠤᠯᠵᠠᠢ᠃ ᠮᠣᠩᠭᠤᠯᠴᠤᠳ ᠤᠨ ᠤᠯᠠᠮᠵᠢᠯᠠᠯᠲᠤ ᠬᠦᠳᠡᠯᠮᠦᠷᠢ ᠶᠢᠨ ᠬᠦᠮᠦᠵᠢᠯ ᠳ᠋ᠤ ᠨᠡᠢᠲᠡᠴᠢ ᠴᠢᠨᠠᠷ᠂ ᠪᠦᠬᠦ ᠲᠠᠯᠠᠲᠤ ᠴᠢᠨᠠᠷ᠂ ᠤᠶᠤᠨ ᠤ ᠪᠠ ᠪᠤᠳᠠᠰ ᠤᠨ ᠰᠣᠶᠤᠯ ᠢ ᠤᠶᠠᠯᠳᠤᠭᠤᠯᠤᠭᠰᠠᠨ ᠰᠢᠨᠵᠢ᠂ ᠪᠤᠳᠠᠳᠤ ᠠᠰᠠᠭᠤᠳᠠᠯ ᠪᠠ ᠪᠦᠲᠦᠭᠡᠯᠴᠢ ᠤᠷ ᠠ ᠴᠢᠳᠠᠪᠤᠷᠢ ᠳᠡᠭᠡᠷ ᠠ ᠰᠠᠭᠤᠷᠢᠯᠠᠭᠰᠠᠨ ᠰᠢᠨᠵᠢ ᠵᠡᠷᠭᠡ ᠣᠨᠴᠠᠯᠢᠭ ᠰᠢᠨᠵᠢ ᠢᠯᠡᠷᠡᠵᠦ᠂ ᠠᠵᠢᠯ ᠬᠦᠳᠡᠯᠮᠦᠷᠢ ᠵᠢ ᠲᠡᠭᠡᠳᠦᠯᠡᠨ ᠡᠷᠬᠢᠮᠯᠡᠬᠦ ᠵᠠᠩ ᠰᠤᠷᠲᠠᠬᠤᠨ ᠢ ᠪᠤᠢ ᠪᠤᠯᠭᠠᠬᠤ᠂ ᠬᠦᠳᠡᠯᠮᠦᠷᠢᠴᠢ ᠵᠠᠩ ᠠᠷᠠᠨᠰᠢᠨ ᠢ ᠳᠠᠪᠲᠠᠨ ᠪᠤᠯᠪᠠᠰᠤᠷᠠᠭᠤᠯᠬᠤ᠂ ᠤᠷᠠᠨ ᠰᠠᠮᠪᠠᠭᠠᠯᠢᠭ ᠬᠦᠳᠡᠯᠮᠦᠷᠢ ᠶᠢᠨ ᠠᠷᠭ ᠠ ᠪᠠᠷᠢᠯ ᠢ ᠡᠵᠡᠮᠰᠢᠬᠦᠯᠬᠦ ᠵᠡᠷᠭᠡ ᠦᠨ᠎ᠠ ᠦᠷᠲᠡᠭ ᠲᠠᠢ᠃ |
Original Literature |
No Original Paper
|
出自 |
中国蒙古学
2023年
第6期
|