Title |
ᠱᠠᠩᠳᠤ ᠶᠢᠨ ᠭᠤᠤᠯ ᠤᠨ ᠨᠡᠷᠡᠢᠳᠦᠯ ᠤᠨ ᠲᠦᠷᠢᠮᠵᠢᠯ ᠤᠨ ᠲᠤᠬᠠᠢ ᠰᠢᠨᠵᠢᠯᠡᠬᠦ ᠨᠢ |
Creator |
ᠮᠢᠨᠨᠠ︔ ᠨᠤᠲᠤᠭᠤᠴᠢᠨ ᠲᠡᠭᠦᠰᠪᠠᠶᠠᠷ |
Keyword |
ᠱᠠᠩᠳᠤ ᠶᠢᠨ ᠭᠤᠤᠯ︔ ᠨᠡᠷᠡᠢᠳᠦᠯ︔ ᠲᠦᠷᠢᠮᠵᠢᠯ |
Abstract |
ᠯᠤᠸᠠᠨ ᠡᠾᠸ ᠭᠤᠤᠯ ᠤᠨ ᠲᠡᠭᠡᠳᠦ ᠤᠷᠤᠰᠬᠠᠯ ᠪᠤᠯᠬᠤ ᠱᠠᠩᠲᠤ ᠶᠢᠨ ᠭᠤᠤᠯ ᠤᠨ ᠲᠡᠦᠬᠡᠨᠨᠡᠷᠡᠢᠳᠦᠯ ᠦ ᠬᠠᠮᠢᠶ ᠠ ᠪᠦᠬᠦᠢ ᠰᠣᠷᠪᠤᠯᠵᠢ ᠪᠢᠴᠢᠭ ᠦᠭᠦᠯᠡᠯ ᠵᠤᠬᠢᠶᠠᠯ ᠡᠴᠡ ᠬᠠᠢᠵᠤ᠂ ᠮᠣᠩᠭᠤᠯ ᠪᠠ ᠬᠢᠳᠠᠳ ᠦᠰᠦᠭ ᠢᠢᠡᠷ ᠲᠦᠷᠢᠮᠵᠢᠬᠦᠯᠬᠦ ᠲᠤᠬᠠᠢ ᠬᠠᠮᠢᠶ ᠠ ᠪᠦᠬᠦᠢ ᠲᠦᠷᠢᠮ ᠲᠤᠭᠲᠠᠭᠠᠯ᠂ ᠰᠣᠷᠪᠤᠯᠵᠢ ᠪᠢᠴᠢᠭ ᠤᠨ ᠪᠠᠷᠢᠮᠲᠠ᠂ ᠲᠡᠮᠳᠡᠭᠯᠡᠬᠦ ᠠᠷᠭ᠎ᠠ ᠵᠡᠷᠭᠡ ᠵᠢ ᠰᠢᠨᠵᠢᠯᠡᠭᠰᠡᠨ ᠤ ᠳ᠋ᠦᠩ ᠳ᠋ᠤ ᠯᠤᠸᠠᠨ ᠡᠾᠸ ᠭᠤᠤᠯ ᠤᠨ ᠲᠡᠭᠡᠳᠦ ᠤᠷᠤᠰᠬᠠᠯ ᠢ ᠮᠣᠩᠭᠤᠯ ᠦᠰᠦᠭ ᠢᠢᠡᠷ 《 ᠱᠠᠩᠲᠤ ᠶᠢᠨ ᠭᠤᠤᠯ》ᠭᠡᠵᠦ ᠲᠦᠷᠷᠢᠮᠵᠢᠬᠦᠯᠵᠦ᠂ ᠬᠢᠳᠠᠳ ᠦᠰᠦᠭ ᠢᠢᠡᠷ ᠬᠦᠷᠪᠡᠭᠦᠯᠦᠨ ᠪᠠᠭᠤᠯᠭᠠᠬᠤ ᠳ᠋ᠤ ᠪᠠᠨ《上都音高勒》 ᠭᠡᠵᠦ ᠳᠦᠷᠢᠮᠵᠢᠬᠦᠯᠬᠦ ᠨᠢ ᠵᠦᠢᠲᠡᠢ ᠪᠤᠯᠬᠤ ᠨᠢ ᠮᠠᠭᠠᠳᠯᠠᠭᠳᠠᠵᠤ ᠪᠠᠢᠨ᠎ᠠ᠃ ᠭᠡᠬᠦ ᠳ᠋ᠤ ᠪᠠᠨ《ᠦᠪᠦᠷ ᠮᠣᠩᠭᠤᠯ ᠤᠨ ᠦᠪᠡᠷᠲᠡᠭᠡᠨ ᠵᠠᠰᠠᠬᠤ ᠤᠷᠤᠨ ᠤ ᠭᠠᠵᠠᠷ ᠤᠨ ᠨᠡᠷ ᠠ ᠶᠢᠨ ᠬᠠᠮᠢᠶᠠᠷᠤᠯᠲᠠ ᠶᠢᠨ ᠳᠦᠷᠢᠮ》 ᠳ᠋ᠡᠬᠢ ᠲᠡᠦᠬᠡᠨ ᠤᠯᠠᠮᠵᠢᠯᠠᠯᠲᠤ ᠵᠠᠷᠴᠢᠮ ᠳ᠋ᠤ ᠰᠠᠭᠤᠷᠢᠯᠠᠵᠤ᠂《ᠱᠠᠩᠳᠤ 》 ᠵᠢ 《上都》ᠭᠡᠵᠦ᠂ 《音高勒》ᠵᠢ ᠳᠦᠲᠢᠨ ᠶᠤᠰᠤᠭᠠᠷ ᠪᠠᠭᠤᠯᠭᠠᠨ᠂ 《上都音高勒》 ᠭᠡᠵᠦ ᠲᠦᠷᠢᠮᠵᠢᠭᠦᠯᠪᠡᠯ ᠵᠤᠬᠢᠨ᠎ᠠ᠃ |
Original Literature |
No Original Paper
|
出自 |
中国蒙古学
2021年
第5期
|